蒙古文网站Logo
ᠰᠢᠨᠬᠤᠸᠠ ᠮᠤᠩᠭ᠋ᠤᠯ ᠨᠧᠲ

ᠯᠢ ᠵᠢᠢ ᠡᡁᠧᠩ ᠪᠦ᠋ ᠰᠢᠶᠤᠤ ᠯᠢᠨ ᠮᠤᠩᠭᠤᠯ ᠤᠯᠤᠰ ᠤᠨ ᠤᠯᠤᠰ ᠤᠨ ᠶᠡᠭᠡ ᠬᠤᠷᠠᠯ ᠤᠨ ᠳᠡᠳ᠋ ᠳᠠᠷᠤᠭ᠎ᠠ ᠰᠠᠩᠵᠢᠮᠢᠳᠤᠪ ᠨᠠᠷ ᠲᠠᠢ ᠠᠭᠤᠯᠵᠠᠪᠠ

2017-09-27 16:50

    9 ᠰᠠᠷ᠎ᠠ ᠶᠢᠨ 25 ᠤ ᠦᠳᠡ ᠶᠢᠨ ᠬᠤᠶᠢᠨ᠎ᠠ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠱᠦᠵᠢ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠡᠷᠬᠢᠯᠡᠭᠴᠢ ᠯᠢ ᠵᠢᠢ ᠡᡁᠧᠩ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠳᠡᠳ᠋ ᠱᠦᠵᠢ᠂ ᠦᠪᠡᠷᠳᠡᠭᠡᠨ ᠵᠠᠰᠠᠬᠤ ᠤᠷᠤᠨ ᠤ ᠳᠡᠷᠢᠭᠦᠯᠡᠭᠴᠢ ᠪᠦ᠋ ᠰᠢᠶᠤᠤ ᠯᠢᠨ ᠬᠦᠬᠡᠬᠤᠳᠠ ᠳᠤ ᠮᠤᠩᠭᠤᠯ ᠤᠯᠤᠰ ᠤᠨ ᠤᠯᠤᠰ ᠤᠨ ᠶᠡᠭᠡ ᠬᠤᠷᠠᠯ ᠤᠨ ᠳᠡᠳ᠋ ᠳᠠᠷᠤᠭ᠎ᠠ ᠰᠠᠩᠵᠢᠮᠢᠲᠤᠪ ᠨᠠᠷ ᠲᠠᠢ ᠠᠭᠤᠯᠵᠠᠪᠠ᠃

    ᠦᠪᠡᠷᠳᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠭᠡᠨ ᠤ ᠳᠡᠷᠢᠭᠦᠯᠡᠭᠴᠢ ᠷᠧᠨ ᠶᠠ ᠫᠢᠩ᠂ ᠳᠤᠮᠳᠠᠳᠤ ᠤᠯᠤᠰ ᠡᠴᠡ ᠮᠤᠩᠭᠤᠯ ᠤᠯᠤᠰ ᠲᠤ ᠰᠠᠭᠤᠭ᠎ᠠ ᠡᠯᠴᠢᠨ ᠰᠠᠶᠢᠳ ᠰᠢᠩ ᠬᠠᠢ ᠮᠢᠩ ᠠᠭᠤᠯᠵᠠᠯᠳᠠ ᠳᠤ ᠤᠷᠤᠯᠴᠠᠪᠠ᠃

    ᠯᠢ ᠵᠢᠢ ᠡᡁᠧᠩ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠨᠡᠷ᠎ᠡ ᠶᠢᠨ ᠡᠮᠦᠨ᠎ᠡ ᠡᠴᠡ ᠰᠠᠩᠵᠢᠮᠢᠳᠤᠪ ᠨᠠᠷ ᠤᠨ ᠬᠦᠬᠡᠬᠤᠳᠠ ᠳᠤ ᠢᠷᠡᠵᠦ ᠬᠤᠶᠠᠳᠤᠭᠠᠷ ᠬᠤᠭᠤᠴᠠᠭᠠᠨ ᠤ ᠳᠤᠮᠳᠠᠳᠤ ᠮᠤᠩᠭᠤᠯ ᠤᠨ ᠦᠵᠡᠰᠭᠦᠯᠡᠩ ᠳᠤ ᠤᠷᠤᠯᠴᠠᠬᠤ ᠶᠢ ᠪᠠᠶᠠᠷᠯᠠᠨ ᠤᠭᠳᠤᠵᠣ ᠪᠠᠶᠢᠬᠤ ᠪᠠᠨ ᠢᠯᠡᠳᠬᠡᠵᠤ᠂ ᠳᠡᠳᠡᠨᠠᠷ ᠤᠨ ᠲᠤᠰ ᠬᠤᠭᠤᠴᠠᠭᠠᠨ ᠤ ᠦᠵᠡᠰᠭᠦᠯᠡᠩ ᠢ ᠪᠡᠯᠡᠳᠭᠡᠬᠦ ᠪᠠ ᠦᠪᠦᠷ ᠮᠤᠩᠭᠤᠯ ᠬᠢᠬᠡᠳ ᠮᠤᠩᠭᠤᠯ ᠤᠯᠤᠰ ᠤᠨ ᠬᠤᠭᠤᠷᠤᠨᠳᠤᠬᠢ ᠬᠠᠷᠢᠯᠴᠠᠭ᠎ᠠ ᠬᠠᠮᠳᠤ ᠶᠢᠨ ᠠᠵᠢᠯᠯᠠᠭᠠᠨ ᠳᠤ ᠦᠵᠡᠭᠦᠯᠦᠭᠰᠡᠨ ᠢᠳᠡᠪᠬᠢᠳᠠᠢ ᠬᠤᠪᠢ ᠨᠡᠮᠡᠷᠢ ᠳᠤ ᠳᠠᠯᠠᠷᠬᠠᠵᠣ ᠪᠠᠶᠢᠬᠤ ᠪᠠᠨ ᠢᠯᠡᠳᠭᠡᠪᠡ᠃ ᠲᠡᠷᠡ᠂ ᠳᠤᠮᠳᠠᠳᠤ ᠤᠯᠤᠰ ᠪᠣᠯᠣᠨ ᠮᠤᠩᠭᠤᠯ ᠤᠯᠤᠰ ᠪᠤᠯ ᠠᠭᠤᠯᠠ ᠤᠰᠤ ᠪᠠᠷ ᠵᠠᠯᠭᠠᠯᠳᠤᠭᠰᠠᠨ ᠨᠦᠬᠦᠷᠰᠡᠭ ᠬᠦᠷᠰᠢ ᠪᠤᠯᠤᠨ᠎ᠠ᠂ ᠦᠪᠦᠷ ᠮᠤᠩᠭᠤᠯ ᠳᠤᠮᠳᠠᠳᠤ ᠮᠤᠩᠭᠤᠯ ᠬᠤᠶᠠᠷ ᠤᠯᠤᠰ ᠤᠨ ᠨᠦᠬᠦᠷᠰᠡᠭ ᠢᠶᠠᠷ ᠬᠠᠮᠳᠣᠷᠠᠨ ᠠᠵᠢᠯᠯᠠᠬᠤ ᠬᠠᠷᠢᠯᠴᠠᠭ᠎ᠠ ᠶᠢᠨ ᠳᠠᠯ᠎ᠠ ᠳᠤ ᠦᠪᠡᠷᠮᠢᠴᠡ ᠪᠠᠶᠢᠷᠢ ᠰᠠᠭᠤᠷᠢ ᠪᠠ ᠦᠢᠯᠡᠳᠦᠯ ᠲᠠᠢ᠃ ᠬᠤᠶᠠᠷ ᠳᠠᠯ᠎ᠠ ᠪᠠᠷ ᠢᠶᠠᠨ ᠳᠤᠮᠳᠠᠳᠤ ᠮᠤᠩᠭᠤᠯ ᠤᠨ ᠦᠵᠡᠰᠭᠦᠯᠡᠩ ᠢ ᠴᠢᠨᠠᠭᠰᠢᠳᠠ ᠰᠠᠶᠢᠳᠤᠷ ᠡᠷᠬᠢᠯᠡᠵᠤ᠂ ᠬᠤᠯᠪᠣᠯᠳᠣᠨ ᠨᠡᠪᠳᠡᠷᠡᠯᠴᠡᠬᠦ ᠪᠦᠳᠦᠭᠡᠨ ᠪᠠᠶᠢᠭᠤᠯᠤᠯᠳᠠ ᠶᠢ ᠲᠦᠷᠭᠡᠳᠭᠡᠨ᠂ ᠰᠤᠶᠤᠯ ᠢᠷᠭᠡᠨᠰᠢᠯ ᠤᠨ ᠰᠤᠯᠢᠯᠴᠠᠭ᠎ᠠ ᠪᠠᠨ ᠦᠷᠭᠡᠳᠭᠡᠨ᠂ ᠬᠢᠯᠢ ᠳᠠᠮᠨᠠᠭᠰᠠᠨ ᠠᠶᠠᠯᠠᠯ ᠵᠢᠭᠤᠯᠴᠢᠯᠠᠯ ᠤᠨ ᠬᠠᠮᠳᠤ ᠶᠢᠨ ᠠᠵᠢᠯᠯᠠᠭ᠎ᠠ ᠪᠡᠨ ᠡᠷᠴᠢᠮᠵᠢᠬᠦᠯᠦᠨ᠂ ᠬᠠᠷᠢᠯᠴᠠᠨ ᠠᠰᠢᠭ ᠲᠠᠢ ᠬᠠᠮᠳᠤᠪᠡᠷ ᠠᠰᠢᠭ ᠬᠦᠷᠳᠡᠭᠰᠡᠨ ᠤ ᠰᠠᠭᠤᠷᠢᠨ ᠳᠡᠭᠡᠷ᠎ᠡ ᠬᠠᠷᠢᠯᠴᠠᠭ᠎ᠠ ᠬᠠᠮᠳᠤ ᠶᠢᠨ ᠠᠵᠢᠯᠯᠠᠭᠠᠨ ᠤ ᠰᠢᠨ᠎ᠡ ᠬᠠᠭᠤᠳᠠᠰᠤ ᠶᠢ ᠪᠢᠴᠢᠭᠯᠡᠬᠦ ᠶᠢ ᠬᠦᠰᠡᠵᠤ ᠪᠠᠶᠢᠨ᠎ᠠ ᠬᠡᠪᠡ᠃

    ᠰᠠᠩᠵᠢᠮᠢᠳᠤᠪ ᠦᠪᠦᠷ ᠮᠤᠩᠭᠤᠯ ᠤᠨ ᠡᠳ᠋ ᠤᠨ ᠵᠠᠰᠠᠭ ᠨᠡᠶᠢᠬᠡᠮ ᠤᠨ ᠬᠦᠭᠵᠢᠯᠳᠡ ᠶᠢᠨ ᠤᠯᠤᠭᠰᠠᠨ ᠠᠮᠵᠢᠯᠳᠠ ᠶᠢ ᠦᠨᠳᠦᠷ ᠦᠨᠡᠯᠡᠵᠦ᠂ ᠦᠪᠦᠷ ᠮᠤᠩᠭᠤᠯ  ᠤᠨ ᠠᠨᠭᠬᠠᠳᠤᠭᠠᠷ ᠬᠤᠭᠤᠴᠠᠭ᠎ᠠ᠂ ᠬᠤᠶᠠᠳᠤᠭᠠᠷ ᠬᠤᠭᠤᠴᠠᠭᠠᠨ ᠤ ᠳᠤᠮᠳᠠᠳᠤ ᠮᠤᠩᠭᠤᠯ ᠤᠨ ᠦᠵᠡᠰᠭᠦᠯᠡᠩ ᠢ ᠡᠷᠬᠢᠯᠡᠭᠦ ᠳᠤ ᠭᠠᠷᠭᠠᠭᠰᠠᠨ ᠴᠢᠷᠮᠠᠶᠢᠯᠭ᠎ᠠ ᠳᠤ ᠦᠨᠡᠨ ᠰᠡᠳᠬᠢᠯ ᠠᠴᠠ ᠪᠠᠨ ᠳᠠᠯᠠᠷᠬᠠᠪᠠ᠃ ᠲᠡᠷᠡ᠂ ᠮᠤᠩᠭᠤᠯ ᠳᠤᠮᠳᠠᠳᠤ ᠬᠤᠶᠠᠷ ᠣᠯᠣᠰ ᠪᠤᠯ ᠰᠠᠶᠢᠨ ᠬᠦᠷᠰᠢ᠂ ᠰᠠᠶᠢᠨ ᠨᠠᠶᠢᠵᠢ᠂ ᠰᠠᠶᠢᠨ ᠳᠦᠩᠰᠢ ᠪᠣᠯᠣᠨ᠎ᠠ᠂ ᠳᠤᠮᠳᠠᠳᠤ ᠤᠯᠤᠰ ᠵᠢᠴᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠮᠤᠩᠭᠤᠯ ᠤᠯᠤᠰ ᠯᠤᠭ᠎ᠠ ᠶᠢᠨ ᠬᠤᠳᠠᠯᠳᠤᠭ᠎ᠠ ᠡᠳ᠋ ᠤᠨ ᠵᠠᠰᠠᠭ ᠤᠨ ᠬᠠᠷᠢᠯᠴᠠᠭ᠎ᠠ ᠨᠢ ᠮᠤᠩᠭᠤᠯ ᠤᠯᠤᠰ ᠤᠨ ᠡᠳ᠋ ᠤᠨ ᠵᠠᠰᠠᠭ ᠨᠡᠶᠢᠬᠡᠮ ᠤᠨ ᠬᠦᠭᠵᠢᠯᠳᠡ ᠳᠤ ᠴᠢᠬᠤᠯᠠ ᠦᠢᠯᠡᠳᠦᠯ ᠦᠵᠡᠭᠦᠯᠵᠤ ᠪᠤᠢ᠃ ᠮᠤᠩᠭᠤᠯ ᠤᠯᠤᠰ ᠳᠤᠮᠳᠠᠳᠤ ᠮᠤᠩᠭᠤᠯ ᠤᠨ ᠦᠵᠡᠰᠭᠦᠯᠡᠩ ᠤᠨ ᠳᠠᠪᠴᠠᠩ ᠢ ᠠᠰᠢᠭᠯᠠᠨ᠂ ᠮᠤᠩᠭᠤᠯ ᠳᠤᠮᠳᠠᠳᠤ ᠶᠢᠨ ᠬᠤᠳᠠᠯᠳᠤᠭ᠎ᠠ ᠡᠳ᠋ ᠤᠨ ᠵᠠᠰᠠᠭ᠂ ᠬᠤᠳᠠᠯᠳᠤᠭᠠᠨ ᠤ ᠶᠠᠪᠤᠳᠠᠯ ᠤᠨ ᠬᠠᠮᠳᠣᠷᠠᠯᠴᠠᠭ᠎ᠠ ᠶᠢᠨ ᠰᠢᠨ᠎ᠡ ᠠᠵᠠ ᠳᠣᠬᠢᠶᠠᠯ ᠪᠣᠯᠣᠨ ᠰᠢᠨ᠎ᠡ ᠬᠦᠷᠢᠶ᠎ᠡ ᠴᠠᠷᠠᠭ᠎ᠠ ᠶᠢ ᠴᠢᠨᠠᠭᠰᠢᠳᠠ ᠨᠡᠭᠡᠭᠡᠬᠦ ᠳᠣᠷ᠎ᠠ ᠲᠠᠢ ᠪᠠᠶᠢᠨ᠎ᠠ ᠭᠡᠪᠡ᠃

    ᠦᠪᠡᠷᠳᠡᠭᠡᠨ ᠵᠠᠰᠠᠬᠤ ᠤᠷᠤᠨ ᠤ ᠤᠳᠤᠷᠢᠳᠤᠯᠭ᠎ᠠ ᠯᠢ ᠵᠢᠶᠠ᠂ ᠵᠠᠩ ᠵᠢᠶᠠᠨ ᠮᠢᠨ᠂ ᠶᠦᠨ ᠭᠤᠸᠠᠩ ᠵᠦᠩ᠂ ᠪᠠᠢ ᠢᠦᠢ ᠭᠠᠩ᠂ ᠯᠦᠸᠧ ᠶᠦᠩ ᠭᠠᠩ᠂ ᠠᠢ ᠯᠢ ᠬᠤᠸᠠ ᠪᠣᠯᠣᠨ ᠬᠠᠮᠢᠶ᠎ᠠ ᠪᠦᠬᠦᠢ ᠰᠠᠯᠠᠭ᠎ᠠ ᠮᠦᠴᠢᠷ᠂ ᠠᠶᠢᠮᠠᠭ ᠬᠤᠳᠠ ᠶᠢᠨ ᠬᠠᠷᠢᠭᠤᠴᠠᠯᠭᠠᠳᠠᠨ ᠨᠦᠬᠦᠳ ᠠᠭᠤᠯᠵᠠᠯᠳᠠ ᠳᠤ ᠤᠷᠤᠯᠴᠠᠪᠠ᠃

ᠢᠷᠡᠯᠳᠡ᠄ ᠦᠪᠦᠷ ᠮᠤᠩᠭᠤᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120701121733799