蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭ᠋ᠤᠯ ᠤᠨ ᠴᠡᠷᠢᠭ ᠤᠨ ᠲᠤᠭᠤᠷᠢᠬ ᠤᠯᠤᠰ ᠤᠨ ᠲᠤᠬ ᠮᠠᠨᠳᠤᠭᠤᠯᠬᠤ ᠶᠤᠰᠤᠯᠠᠯ ᠢ ᠦᠪᠡᠳᠡᠭᠰᠢ ᠶᠡᠬᠡᠪᠡᠷ ᠶᠠᠪᠤᠬᠳᠠᠭᠤᠯᠪᠡ

2017-10-01 14:40

    ᠪᠦᠭᠦᠳᠡ ᠨᠠᠢᠢᠷ᠋ᠠᠮᠳᠠᠬᠤ ᠳᠤᠮᠳᠠᠳᠤ ᠠᠷ᠋ᠠᠳ ᠤᠯᠤᠰ ᠪᠠᠢᠢᠭᠤᠯᠤᠭᠳᠠᠭᠰᠠᠨ 68 ᠵᠢᠯ ᠤᠨ ᠤᠢ ᠶᠢ ᠳᠤᠷ᠋ᠠᠰᠬᠠᠬᠤ ᠶᠢᠨ ᠲᠦᠯᠦᠭᠡ᠂ 9 ᠰᠠᠷ ᠠ ᠶᠢᠨ 30 ᠤ ᠦᠷᠯᠦᠭᠡ᠂ ᠦᠪᠦᠷ ᠮᠤᠩᠭ᠋ᠤᠯ ᠤᠨ ᠴᠡᠷᠢᠭ᠌ ᠤᠨ ᠲᠤᠭᠤᠷ᠋ᠢᠬ ᠤᠨ ᠪᠦᠬᠦ ᠪᠠᠢᠢᠭᠤᠯᠤᠯᠭ᠎ᠠ ᠵᠢᠨ 200 ᠭᠠᠷ᠋ᠤᠢ ᠺᠠᠳ᠋ᠷ᠂ ᠰᠢᠭᠤᠳ ᠬᠠᠷᠢᠶ᠎ᠠ ᠬᠤᠪᠢᠶᠠᠷᠢ ᠠᠩᠬᠢ ᠵᠢᠨ ᠳᠠᠷ᠋ᠤᠭ᠎ᠠ ᠪᠠᠢᠢᠯᠳᠤᠬᠴᠢ ᠵᠢ ᠵᠤᠬᠢᠶᠠᠨ ᠪᠠᠢᠢᠭᠤᠯᠵᠤ ᠲᠦᠪ ᠴᠢᠩᠭ᠋᠎ᠠ ᠲᠤᠬ ᠮᠠᠨᠳᠤᠭᠤᠯᠬᠤ ᠶᠤᠰᠤᠯᠠᠯ ᠶᠠᠪᠤᠭᠤᠯᠪᠠ᠃

    ᠡᠷ᠋ᠲᠡ ᠵᠢᠨ 7 ᠴᠠᠬ ᠲᠤ᠂ ᠦᠪᠦᠷ ᠮᠤᠩᠭ᠋ᠤᠯ ᠤᠨ ᠴᠡᠷᠢᠭ᠌ ᠤᠨ ᠲᠤᠭᠤᠷ᠋ᠢᠬ ᠤᠨ ᠪᠠᠢᠢᠭᠤᠯᠤᠯᠭ᠎ᠠ ᠵᠢᠨ ᠪᠦᠬᠦ ᠳᠠᠷ᠋ᠤᠭ᠎ᠠ ᠪᠠᠢᠢᠯᠳᠤᠬᠴᠢ ᠲᠦᠪ ᠴᠢᠩᠭ᠋᠎ᠠ ᠵᠢᠬᠰᠠᠪᠠ᠃ ᠶᠤᠰᠤᠯᠠᠯ ᠤᠨ ᠴᠡᠷ᠋ᠢᠭ᠌ ᠢᠳᠡᠷ᠋ᠡᠭᠦᠨ ᠠᠯᠬᠤᠭ᠎ᠠ ᠪᠡᠷ ᠭᠠᠯ ᠤᠯᠠᠭᠠᠨ ᠲᠠᠪᠤᠨ ᠤᠳᠤᠲᠤ ᠤᠯᠠᠭᠠᠨ ᠲᠤᠬ ᠢ ᠬᠠᠮᠠᠭᠠᠯᠠᠨ ᠤᠯᠤᠰ ᠤᠨ ᠲᠤᠬ ᠤᠨ ᠲᠠᠢᠢᠰᠠᠨ ᠳ᠋ᠤ ᠭᠠᠷ᠋ᠴᠠᠢ᠃《ᠤᠯᠤᠰ ᠤᠨ ᠲᠤᠬ ᠮᠠᠨᠳᠤᠭᠤᠯᠵᠤ᠂ ᠤᠯᠤᠰ ᠤᠨ ᠰᠦᠯᠳᠡ ᠳᠠᠭᠤᠤ ᠵᠢ ᠬᠦᠭ᠍ᠵᠢᠮᠳᠡᠨ᠎ᠠ》 ᠭᠡᠬᠦ ᠳᠤᠬᠢᠶ᠎ᠠ ᠪᠡᠷ ᠰᠦᠷ ᠵᠢᠪᠬᠤᠯᠠᠩᠳᠤ《ᠵᠢᠷ᠋ᠤᠮ ᠤᠨ ᠴᠡᠷ᠋ᠢᠭ᠌ ᠤᠨ ᠤᠷ᠋ᠤᠬᠰᠢᠯᠠᠯᠲᠠ ᠶᠢᠨ ᠳᠠᠭᠤᠤ》ᠴᠤᠤᠷ᠋ᠢᠶᠠᠳᠤᠵᠤ᠂ ᠲᠠᠪᠤᠨ ᠤᠳᠤᠲᠤ ᠤᠯᠠᠭᠠᠨ ᠲᠤᠬ ᠠᠯᠭᠤᠷ ᠠᠭᠠᠵᠢᠮ ᠵᠢᠨᠷ ᠮᠠᠨᠳᠤᠪᠠ᠃ ᠪᠦᠬᠦ ᠳᠠᠷ᠋ᠤᠭ᠎ᠠ ᠪᠠᠢᠢᠯᠳᠤᠬᠴᠢ ᠰᠠᠯᠬᠢᠨ ᠤ ᠠᠶ᠎ᠠ ᠪᠡᠷ ᠨᠠᠮᠢᠷ᠋ᠠᠵᠤ ᠪᠠᠢᠢᠭ᠎ᠠ ᠲᠠᠪᠤᠨ ᠤᠳᠤᠲᠤ ᠤᠯᠠᠭᠠᠨ ᠲᠤᠬ ᠢ ᠪᠠᠷᠠᠭᠠᠯᠠᠨ ᠶᠤᠰᠤᠯᠠᠵᠤ᠂ ᠬᠠᠮᠲᠤᠪᠠᠷ ᠡᠬᠡ ᠤᠯᠤᠰ ᠤᠨ ᠢᠶᠡᠨ ᠢᠷ᠋ᠡᠭᠡᠳᠦᠢ ᠶᠢᠨ ᠨᠡᠩ ᠰᠠᠢᠢᠨ ᠰᠠᠢᠢᠬᠠᠨ ᠬᠦᠭ᠍ᠵᠢᠯ ᠴᠡᠴᠡᠭᠯᠡᠯ ᠢ ᠵᠦᠩᠨᠡᠨ᠎ᠠ᠃

    ᠤᠯᠤᠰ ᠤᠨ ᠲᠤᠬ ᠮᠠᠨᠳᠤᠭᠤᠯᠬᠤ ᠶᠤᠰᠤᠯᠠᠯ ᠵᠢᠨᠷ ᠳᠠᠮᠵᠢᠨ᠂ ᠦᠷ᠋ᠭᠡᠨ ᠤᠯᠠᠨ ᠳᠠᠷ᠋ᠤᠭ᠎ᠠ ᠪᠠᠢᠢᠯᠳᠤᠬᠴᠢ ᠵᠢᠨ ᠤᠯᠤᠰ ᠵᠢᠡᠨ ᠬᠠᠶᠢᠷᠠᠯᠠᠬᠤ ᠬᠠᠯᠠᠭᠤᠨ ᠰᠡᠳᠬᠢᠯᠭᠡ ᠪᠠ ᠴᠡᠷᠢᠭ᠌ ᠢᠶᠡᠨ ᠪᠤᠯᠪᠠᠰᠤᠷ᠋ᠠᠭᠤᠯᠵᠤ ᠳᠠᠢᠢᠨ ᠳ᠋ᠤ ᠪᠡᠯᠡᠳᠬᠡᠬᠦ ᠢᠲᠡᠭᠡᠯ ᠵᠤᠷ᠋ᠢᠬ ᠢ ᠬᠦᠭ᠍ᠵᠢᠭᠡᠪᠡ᠃ ᠤᠯᠠᠨ ᠵᠢᠨᠷ ᠵᠢᠨᠨ ᠴᠦᠮ ᠰᠢ ᠵᠢᠨ ᠫᠢᠩ ᠨᠦᠬᠦᠷ ᠵᠢᠨᠷ ᠭᠤᠤᠯ ᠪᠤᠯᠭᠠᠬᠰᠠᠨ ᠨᠠᠮ ᠤᠨ ᠲᠦᠪ ᠬᠤᠷᠢᠶᠠᠨ ᠤ ᠲᠤᠭᠤᠷ᠋ᠢᠨ ᠳ᠋ᠤ ᠨᠢᠬᠲᠠᠷ᠋ᠠᠨ ᠪᠦᠯᠬᠦᠮᠳᠡᠵᠦ᠂ ᠤᠯᠤᠰ ᠲᠦᠷ᠋ᠦ ᠪᠡᠷ ᠴᠡᠷᠢᠭ᠌ ᠢᠶᠡᠨ ᠪᠠᠢᠢᠭᠤᠯᠬᠤ᠂ ᠦᠭᠡᠷ᠋ᠡᠴᠢᠯᠡᠯᠲᠡ ᠪᠡᠷ ᠴᠡᠷᠢᠭ᠌ ᠢᠶᠡᠨ ᠬᠦᠴᠦᠷ᠋ᠬᠡᠭ᠍ᠵᠢᠭᠦᠯᠭᠦ᠂ ᠰᠢᠨᠵᠢᠯᠡᠬᠦ ᠤᠬᠠᠭᠠᠨ ᠮᠡᠷ᠋ᠭᠡᠵᠢᠯ ᠵᠢᠨᠷ ᠴᠡᠷᠢᠭ᠌ ᠢᠶᠡᠨ ᠮᠠᠨᠳᠤᠭᠤᠯᠬᠤ᠂ ᠬᠠᠤᠯᠢ ᠴᠠᠭᠠᠵᠠ ᠪᠡᠷ ᠴᠡᠷᠢᠭ᠌ ᠢᠶᠡᠨ ᠵᠠᠰᠠᠬᠤ ᠵᠢ ᠪᠠᠷ᠋ᠢᠮᠲᠠᠯᠠᠵᠤ᠂《ᠳᠦᠷ᠋ᠪᠡᠨ ᠢᠲᠡᠭᠡᠯ》 ᠢᠶᠡᠨ ᠪᠠᠲᠤᠳᠬᠠᠵᠤ᠂ 《ᠳᠦᠷ᠋ᠪᠡᠨ ᠤᠬᠠᠮᠰᠠᠷ》 ᠢᠶᠡᠨ ᠳᠡᠭᠡᠭ᠍ᠰᠢᠯᠡᠭᠦᠯᠵᠦ᠂ ᠠᠮᠠᠯᠠᠯᠲᠠ ᠪᠡᠨ ᠦᠯᠦ ᠮᠠᠷ᠋ᠲᠠᠵᠤ᠂ ᠦᠷ᠋ᠬᠦᠯᠵᠢᠯᠡᠨ ᠤᠷ᠋ᠤᠬᠰᠢᠯᠠᠵᠤ᠂ ᠳᠠᠢᠢᠨ ᠤ ᠪᠡᠯᠡᠳᠬᠡᠯ ᠤᠨ ᠤᠢᠢᠯᠠᠭᠠᠬᠳᠠᠬᠤᠨ ᠵᠢᠨᠨ ᠢᠮᠠᠬᠲᠠ ᠴᠢᠩᠭ᠋ᠠᠳᠬᠠᠵᠤ᠂ ᠴᠤᠬ ᠪᠠᠳᠠᠷ᠋ᠠᠩᠭ᠋ᠤᠢ ᠳᠠᠢᠢᠴᠢᠨ ᠵᠤᠷ᠋ᠢᠬ ᠵᠢᠨᠨ ᠪᠠᠲᠤᠯᠠᠵᠤ᠂ ᠡᠭᠦᠷ᠋ᠭᠡ ᠬᠠᠷᠢᠭᠤᠴᠠᠯᠭ᠎ᠠ ᠪᠡᠨ ᠪᠦᠲᠦᠮᠵᠢᠲᠡᠢ ᠭᠦᠢᠴᠡᠳᠬᠡᠵᠦ᠂ ᠠᠮᠤᠷ ᠲᠦᠪᠰᠢᠨ ᠲᠤᠬᠲᠠᠭᠤᠨ ᠢ ᠪᠠᠲᠤᠯᠠᠵᠤ᠂ ᠰᠢᠯᠢᠳᠡᠭ ᠬᠢᠷ᠋ᠢ ᠪᠦᠲᠦᠮᠵᠢ ᠪᠡᠷ ᠨᠠᠮ ᠤᠨ ᠠᠷ᠋ᠪᠠ ᠶᠢᠰᠦᠳᠦᠭᠡᠷ ᠶᠡᠬᠡ ᠬᠤᠷᠠᠯ ᠤᠨ ᠠᠮᠵᠢᠯᠲᠠ ᠲᠠᠢ ᠬᠤᠷᠠᠯᠳᠤᠬᠤ ᠶᠢ ᠪᠠᠶᠠᠷᠯᠠᠨ ᠤᠭᠲᠤᠨ᠎ᠠ ᠭᠡᠵᠡᠭᠡᠪᠡ᠃

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011100001121755888