蒙古文网站Logo
ᠰᠢᠨᠬᠤᠸᠠ ᠮᠤᠩᠭ᠋ᠤᠯ ᠨᠧᠲ

ᠨᠠᠶ᠋ᠮᠠᠳᠤᠭᠠᠷ ᠬᠤᠭᠤᠴᠠᠭᠠᠨ ᠦ ᠲᠤᠮᠳᠠᠲᠦ ᠮᠣᠩᠭᠣᠯ ᠤᠨ ᠬᠡᠪᠯᠡᠯ ᠮᠡᠳᠡᠭᠡᠯᠡᠯ ᠤᠨ ᠹᠤᠷᠦ᠋ᠮ ᠷᠠᠰᠢᠶᠠᠨ ᠬᠤᠲᠠ ᠳᠤ ᠶᠠᠪᠤᠬᠳᠠᠪᠠ

2017-11-23 11:56

    11 ᠰᠠᠷ᠎ᠠ ᠵᠢᠨ 22 ᠤᠨ ᠡᠳᠦᠷ᠂ ᠦᠪᠦᠷ ᠮᠤᠡᠭᠭᠤᠯ ᠦᠨ ᠦᠪᠡᠷᠲᠡᠭᠡᠨ ᠵᠠᠰᠠᠬᠤ ᠤᠷᠤᠨ ᠦ ᠵᠠᠰᠠᠬ ᠦᠨ ᠤᠷᠳᠤᠨ ᠦ ᠬᠡᠪᠯᠡᠯ ᠮᠡᠳᠡᠭᠡᠯᠡᠯ ᠤᠨ ᠠᠯᠪᠠᠨ ᠪᠤᠯᠤᠨ ᠮᠤᠡᠭᠭᠤᠯ ᠤᠯᠤᠰ ᠦᠨ ᠰᠡᠳᠬᠦᠯᠴᠢᠳ ᠤᠨ ᠨᠢᠭᠡᠳᠦᠭᠰᠡᠨ ᠡᠪᠯᠡᠯ ᠡᠴᠨ ᠭᠤᠤᠯᠯᠠᠨ ᠡᠷᠬᠢᠯᠡᠵᠦ᠂《ᠪᠤᠳᠠᠳᠠᠢ ᠶᠢ ᠡᠷᠬᠢᠮᠯᠡᠭᠰᠡᠨ ᠬᠠᠮᠳᠤ ᠶᠢᠨ ᠠᠵᠢᠯᠯᠠᠭ᠎ᠠ ᠪᠠᠨ ᠬᠦᠨᠵᠡᠬᠡᠢᠢᠷᠡᠬᠦᠯᠵᠦ᠂ ᠠᠷᠠᠳ ᠢᠷᠭᠡᠳ ᠤᠨ ᠬᠤᠭᠤᠷᠤᠨᠳᠤ ᠶᠢᠨ ᠤᠢᠢᠯᠠᠭᠠᠯᠴᠠᠭ᠎ᠠ ᠵᠢ ᠠᠬᠢᠭᠤᠯᠬᠤ》 ᠪᠠᠷ ᠭᠤᠤᠯ ᠰᠡᠳᠦᠪ ᠪᠤᠯᠭᠠᠭᠰᠠᠨ ᠨᠠᠶ᠋ᠮᠠᠳᠤᠭᠠᠷ ᠬᠤᠭᠤᠴᠠᠭᠠᠨ ᠦ ᠲᠤᠮᠳᠠᠲᠦ ᠮᠤᠡᠭᠭᠤᠯ ᠦᠨ ᠬᠡᠪᠯᠡᠯ ᠮᠡᠳᠡᠭᠡᠯᠡᠯ ᠤᠨ ᠹᠤᠷᠦ᠋ᠮ ᠷᠠᠰᠢᠶᠠᠨ ᠬᠤᠲᠠ ᠳᠤ ᠶᠠᠪᠤᠬᠳᠠᠪᠠ᠃

    ᠮᠤᠡᠭᠭᠤᠯ ᠤᠯᠤᠰ ᠦᠨ ᠶᠡᠷᠦᠩᠬᠡᠢ ᠰᠠᠢᠢᠳ ᠬᠦᠷᠡᠯᠰᠦᠭᠡ ᠪᠠᠶᠠᠷ ᠤᠨ ᠵᠠᠬᠢᠶ ᠠ ᠢᠷᠡᠬᠦᠯᠵᠦ᠂ ᠦᠪᠦᠷ ᠮᠤᠡᠭᠭᠤᠯ ᠦᠨ ᠦᠪᠡᠷᠲᠡᠭᠡᠨ ᠵᠠᠰᠠᠬᠤ ᠤᠷᠤᠨ ᠦ ᠠᠷᠡᠳ ᠦᠨ ᠲᠦᠯᠦᠭᠡᠯᠡᠭᠴᠢᠳ ᠦᠨ ᠶᠡᠬᠡ ᠬᠤᠷᠠᠯ ᠦᠨ ᠪᠠᠢᠢᠡᠭᠭᠤ ᠵᠢᠨ ᠬᠤᠷᠢᠶ᠎ᠠ ᠵᠢᠨ ᠳᠡᠳ᠋ ᠡᠷᠬᠢᠯᠡᠭᠴᠢ ᠡᠦ ᠲᠤᠸᠠᠨ ᠶᠢᠡᠭ᠂ ᠮᠤᠡᠭᠭᠤᠯ ᠤᠯᠤᠰ  ᠦᠨ ᠰᠡᠳᠬᠦᠯᠴᠢᠳ ᠤᠨ ᠨᠢᠭᠡᠳᠦᠭᠰᠡᠨ ᠡᠪᠯᠡᠯ ᠦᠨ ᠲᠡᠷᠢᠭᠦᠯᠡᠭᠴᠢ ᠭᠠᠯᠠᠷᠢᠳ᠋ ᠪᠠᠶᠠᠷ ᠤᠨ ᠦᠬᠡ ᠶᠠᠷᠢᠵᠠᠢ᠃

    ᠡᠦ ᠲᠤᠸᠠᠨ ᠶᠢᠡᠭ ᠶᠠᠷᠢᠶᠠᠨ ᠳ᠋ᠠᠭᠠᠨ ᠦᠩᠭᠡᠷᠡᠭᠰᠡᠨ ᠵᠢᠯ ᠤᠳ ᠦᠨ ᠳᠤᠮᠳᠠᠲᠦ ᠮᠤᠡᠭᠭᠤᠯ ᠬᠤᠶᠠᠷ ᠤᠯᠤᠰ ᠦᠨ ᠵᠠᠭᠤᠴᠢᠯᠠᠭᠤᠷ ᠦᠨ ᠰᠤᠯᠢᠯᠴᠠᠭ᠎ᠠ ᠬᠠᠮᠲᠦᠷᠠᠯᠴᠠᠭ᠎ᠠ ᠵᠢᠨ ᠠᠮᠵᠢᠯᠲᠠ ᠪᠦᠲᠦᠭᠡᠯ ᠢ ᠬᠦᠢᠴᠡᠳ ᠨᠤᠳᠠᠯᠠᠵᠦ᠂ ᠬᠤᠶᠠᠷ ᠡᠳᠡᠬᠡᠳ ᠤᠨ ᠵᠠᠭᠤᠴᠢᠯᠠᠭᠤᠷ ᠤᠨ ᠬᠢᠨ ᠪ ᠴᠢᠭᠯᠡᠯ ᠢ ᠤᠨᠤᠪᠴᠢᠳᠠᠢ ᠡᠵᠡᠮᠳᠠᠬᠦ ᠵᠢ ᠪᠠᠷᠢᠮᠳᠠᠯᠠᠵᠦ᠂ ᠲᠤᠮᠳᠠᠳᠤ ᠮᠤᠨᠭᠭᠤᠯ ᠬᠤᠶᠠᠷ ᠤᠯᠤᠰ ᠤᠨ ᠬᠠᠷᠢᠯᠴᠠᠭᠠᠨ ᠪ ᠬᠦᠭ᠍ᠵᠢᠯᠳᠠ ᠢᠢᠨ ᠶᠡᠬᠡ ᠲᠠᠯ᠎ᠠ ᠢᠢᠨ ᠲᠤᠭᠤᠷᠢᠨ ᠳᠤ ᠬᠠᠮᠳᠤᠷᠠᠯᠴᠠᠭ᠎ᠠ ᠦᠷᠨᠢᠬᠦᠯᠦᠨ᠎ᠠ; ᠬᠠᠷᠢᠯᠴᠠᠨ ᠬᠠᠮᠳᠤᠷᠠᠯᠴᠠᠵᠦ ᠬᠠᠮᠲᠦᠪᠡᠷ ᠠᠰᠢᠬ ᠬᠦᠷᠳᠡᠬᠦ ᠵᠢ ᠪᠠᠷᠢᠮᠳᠠᠯᠠᠵᠦ᠂ ᠰᠤᠶᠤᠯ ᠢᠷᠬᠡᠨᠰᠢᠯ ᠤᠨ ᠰᠤᠯᠢᠯᠴᠠᠭ᠎ᠠ ᠪᠡᠷ ᠠᠵᠦ ᠠᠬᠤᠢ ᠠᠷᠠᠯᠵᠢᠶ᠎ᠠ ᠵᠡᠷᠬᠡ ᠪᠤᠰᠤᠳ ᠬᠦᠷᠢᠶ᠎ᠠ ᠬᠡᠪᠴᠢᠶᠠᠨ ᠪ ᠬᠠᠮᠳᠤᠷᠠᠯᠴᠠᠭ᠎ᠠ ᠵᠢ ᠬᠦᠨᠵᠡᠬᠡᠢᠢᠷᠡᠬᠦᠯᠬᠦ ᠵᠢ ᠡᠠᠬᠢᠭᠤᠯᠤᠨ᠎ᠠ; ᠦᠡᠨᠡ ᠪᠤᠳᠠᠳᠠᠢ ᠪᠡᠷ ᠤᠷᠢᠳᠠᠯ ᠪᠤᠯᠭᠠᠬᠤ ᠵᠢ ᠪᠠᠷᠢᠮᠳᠠᠯᠠᠵᠦ᠂ ᠬᠤᠶᠠᠷ ᠲᠠᠯ᠎ᠠ ᠢᠢᠨ ᠬᠡᠪᠯᠡᠯ ᠮᠡᠳᠡᠭᠡᠯᠡᠯ ᠤᠨ ᠬᠠᠮᠳᠤᠷᠠᠯᠴᠠᠭ᠎ᠠ ᠢᠢᠨ ᠬᠦᠨᠵᠡᠬᠡᠢᠢᠷᠡᠨ ᠬᠦᠭ᠍ᠵᠢᠬᠦ ᠵᠢ ᠬᠠᠮᠳᠤᠪᠡᠷ ᠠᠬᠢᠭᠤᠯᠤᠨ᠎ᠠ; ᠠᠳᠠᠯᠢ ᠲᠠᠯ᠎ᠠ ᠪᠠᠨ ᠦᠷᠬᠡᠳᠬᠡᠨ ᠠᠳᠠᠯᠢ ᠪᠤᠰᠤ ᠲᠠᠯ᠎ᠠ ᠪᠠᠨ ᠪᠠᠭᠠᠰᠬᠠᠬᠤ ᠵᠢ ᠪᠠᠷᠢᠮᠳᠠᠯᠠᠵᠦ᠂ ᠲᠤᠮᠳᠠᠳᠤ ᠮᠤᠨᠭᠭᠤᠯ ᠤᠨ ᠨᠦᠬᠦᠷᠯᠡᠯ ᠢ ᠬᠤᠶᠠᠷ ᠤᠯᠤᠰ ᠤᠨ ᠠᠷᠠᠳ ᠲᠦᠮᠡᠨ ᠪ ᠰᠡᠳᠬᠢᠯ  ᠳᠤ ᠬᠦᠷᠳᠡᠯ᠎ᠠ ᠬᠦᠨ ᠦᠨᠳᠦᠰᠦᠯᠡᠬᠦᠯᠦᠶ᠎ᠠ ᠬᠡᠵᠦ ᠬᠦᠰᠡᠪᠡ᠃

    ᠭᠠᠯᠠᠷᠢᠳ᠋ ᠶᠠᠷᠢᠶᠠᠨ ᠳ᠋ᠠᠭᠠᠨ᠂ ᠤᠢᠢᠷ᠎ᠠ ᠢᠢᠨ ᠵᠢᠯ ᠳᠤ ᠮᠤᠨᠭᠭᠤᠯ ᠳᠤᠮᠳᠠᠳᠤ ᠬᠤᠶᠠᠷ ᠤᠯᠤᠰ ᠰᠤᠷᠪᠤᠯᠵᠢᠯᠠᠬᠴᠢ ᠰᠤᠯᠢᠯᠴᠠᠬᠤ᠂ ᠬᠤᠯᠪᠤᠭᠠᠯᠠᠨ ᠰᠤᠷᠪᠤᠯᠵᠢᠯᠠᠬᠤ᠂ ᠴᠢᠬᠤᠯᠠ ᠶᠡᠬᠡ ᠭᠤᠤᠯ ᠰᠡᠳᠦᠪᠳᠤ ᠶᠠᠷᠢᠶᠠᠨ ᠪ ᠲᠠᠪᠴᠠᠩ ᠢ ᠬᠠᠮᠳᠤᠷᠠᠨ ᠡᠷᠬᠢᠯᠡᠬᠦ ᠠᠵᠢᠯᠯᠠᠭ᠎ᠠ ᠦᠷᠨᠢᠬᠦᠯᠬᠦ ᠪᠡᠷ ᠲᠠᠮᠵᠢᠭᠤᠯᠤᠨ ᠬᠠᠮᠳᠤᠷᠠᠯᠴᠠᠭᠠᠨ ᠤ ᠲᠤᠬᠲᠠᠴᠡ ᠪᠠᠨ ᠲᠠᠰᠤᠷᠠᠯᠳᠠ ᠦᠬᠡᠢ ᠲᠡᠬᠦᠯᠳᠡᠷᠵᠢᠬᠦᠯᠪᠡ᠃ ᠡᠨᠡ ᠤᠳᠠᠭᠠᠨ ᠪ ᠶᠠᠷᠢᠶᠠᠨ ᠪ ᠲᠠᠪᠴᠠᠩ ᠨᠢ ᠬᠤᠶᠠᠷ ᠲᠠᠯ᠎ᠠ ᠢᠢᠨ ᠬᠢᠨ  ᠳᠤ ᠬᠠᠮᠲᠤᠷᠠᠯᠴᠠᠬᠤ ᠬᠡᠯᠪᠡᠷᠢ ᠢᠢᠨ ᠲᠠᠯ᠎ᠠ ᠪᠠᠷ ᠬᠠᠷᠢᠯᠴᠠᠨ ᠰᠤᠷᠤᠯᠴᠠᠬᠤ᠂ ᠦᠨᠡᠨ ᠪᠤᠳᠠᠳᠠᠢ ᠪᠠᠷ ᠰᠢᠨ᠎ᠠ ᠵᠢ ᠡᠬᠦᠳᠬᠦ᠂ ᠢᠳᠡᠪᠬᠢᠳᠡᠢ ᠰᠦᠪᠡᠭ᠍ᠴᠢᠯᠠᠬᠦ᠂ ᠬᠦᠭ᠍ᠵᠢᠯᠳᠠ ᠢᠢᠨ ᠴᠢᠭᠯᠡᠯ ᠤᠨ ᠲᠠᠯ᠎ᠠ ᠪᠡᠷ ᠴᠢᠯᠦᠬᠡᠳᠠᠢ ᠶᠠᠷᠢᠯᠴᠠᠬᠤ ᠲᠠᠪᠴᠠᠩ ᠢ ᠬᠠᠨᠭᠭᠠᠪᠡ ᠬᠡᠵᠦ ᠢᠯᠡᠳᠬᠡᠪᠡ᠃

    ᠬᠤᠷᠠᠯ ᠲᠡᠬᠡᠷ᠎ᠠ᠂ ᠦᠪᠦᠷ ᠮᠣᠩᠭᠣᠯ ᠤᠨ ᠦᠪᠡᠷᠳᠡᠬᠡᠨ ᠵᠠᠰᠠᠬᠤ ᠤᠷᠤᠨ ᠪ ᠬᠡᠪᠯᠡᠯ ᠮᠡᠳᠡᠭᠡᠯᠡᠯ ᠤᠨ ᠠᠵᠢᠯᠳᠠᠨ ᠪ ᠨᠡᠢᠢᠬᠡᠮᠯᠢᠭ᠌ ᠪᠡ ᠮᠤᠨᠭᠭᠤᠯ ᠤᠯᠤᠰ ᠤᠨ ᠰᠡᠳᠬᠦᠯᠴᠢᠳ ᠤᠨ ᠨᠢᠭᠡᠳᠦᠭᠰᠡᠨ ᠡᠪᠯᠡᠯ ᠤᠨ ᠬᠠᠷᠢᠭᠤᠴᠠᠯᠭᠠᠳᠠᠨ ᠭᠤᠤᠯ ᠵᠤᠷᠢᠯᠳᠠᠳᠤ ᠢᠯᠡᠳᠬᠡᠯ ᠬᠢᠵᠦ᠂ ᠠᠷᠠᠳ ᠤᠨ ᠡᠳᠦᠷ ᠤᠨ ᠰᠤᠨᠢᠨ᠂ ᠰᠢᠨᠬᠤᠸᠠ ᠬᠤᠷᠢᠶ᠎ᠠ᠂ ᠲᠤᠮᠳᠠᠳᠤ ᠤᠯᠤᠰ ᠤᠨ ᠤᠯᠠᠨ ᠤᠯᠤᠰ ᠤᠨ ᠷᠠᠳᠢᠣ᠋ ᠨᠡᠪᠳᠡᠷᠡᠭᠦᠯᠬᠡ ᠢᠢᠨ ᠬᠤᠷᠢᠶ᠎ᠠ᠂ ᠦᠪᠤᠷ ᠮᠤᠩᠭ᠋ᠤᠯ ᠤᠨ ᠡᠳᠦᠷ ᠤᠨ ᠰᠤᠨᠢᠨ ᠤ ᠬᠤᠷᠢᠶ᠎ᠠ᠂ ᠦᠪᠤᠷ ᠮᠤᠨᠭᠭᠤᠯ ᠤᠨ ᠷᠠᠳᠢᠣ᠋ ᠲᠸᠯᠸᠢᠰ ᠬᠤᠷᠢᠶ᠎ᠠ᠂ ᠮᠤᠨᠭᠭᠤᠯ ᠤᠯᠤᠰ ᠤᠨ ᠤᠯᠠᠨ ᠨᠡᠢᠢᠳᠡ ᠢᠢᠨ ᠷᠠᠳᠢᠣ᠋ ᠨᠡᠪᠳᠡᠷᠡᠬᠦᠯᠬᠡ ᠢᠢᠨ ᠬᠤᠷᠢᠶ᠎ᠠ᠂ ᠮᠤᠨᠭᠭᠤᠯ ᠤᠯᠤᠰ ᠤᠨ ᠵᠠᠭᠤᠨ ᠪ ᠮᠡᠳᠡᠬᠡ ᠰᠤᠨᠢᠨ ᠵᠡᠷᠬᠡ ᠵᠠᠭᠤᠴᠢᠯᠠᠭᠤᠷ ᠤᠨ ᠬᠠᠷᠢᠭᠤᠴᠠᠯᠭᠠᠳᠠᠨ ᠲᠤᠰ ᠲᠤᠰ ᠰᠤᠯᠢᠯᠴᠠᠭ᠎ᠠ ᠬᠢᠵᠦ ᠦᠬᠡ ᠶᠠᠷᠢᠵᠠᠢ᠃ ᠲᠤᠮᠳᠠᠳᠤ ᠮᠤᠨᠭᠭᠤᠯ ᠬᠤᠶᠠᠷ ᠤᠯᠤᠰ ᠤᠨ ᠵᠠᠭᠤᠴᠢᠯᠡᠭᠤᠷ ᠤᠨ ᠬᠢᠨ ᠪᠠᠰᠠ 3 ᠲᠠᠯ᠎ᠠ ᠢᠢᠨ ᠬᠠᠮᠳᠤᠷᠠᠯᠴᠠᠭᠠᠨ ᠪ ᠲᠦᠷᠦᠯ ᠵᠦᠢᠯ ᠳᠤ ᠭᠠᠷ ᠤᠨ ᠦᠰᠦᠭ ᠵᠢᠷᠤᠪᠡ᠃

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121999937