蒙古文网站Logo
ᠰᠢᠨᠬᠤᠸᠠ ᠮᠤᠩᠭ᠋ᠤᠯ ᠨᠧᠲ

ᠰᠤᠶᠤᠯ ‍ᠤᠨ ᠶᠠᠮᠤᠨ  ᠤ ᠰᠠᠶᠢᠳ ᠯᠦᠧᠧ ᠱᠦ ᠭᠠᠩ᠄ ᠤᠯᠠᠨ ᠨᠡᠶᠢᠲᠡ ᠶ᠋ᠢᠨ ᠰᠤᠶᠤᠯ ‍ᠤᠨ ᠦᠢᠯᠡᠴᠢᠯᠡᠭᠡ ᠨᠢ ᠤᠯᠠᠨ ᠳᠦᠮᠡᠨ ᠳ᠋ᠥ 《ᠵᠠᠬᠢᠶᠠᠯᠠᠬᠤ ᠭᠠᠷᠴᠠᠭ》ᠬᠠᠩᠭᠠᠪᠠᠯ ᠰᠠᠶ᠊ᠢ ᠤᠯᠠᠨ ᠳᠦᠮᠡᠨ ᠤ ᠮᠠᠭᠲᠠᠭᠠᠯ ᠰᠠᠶᠢᠰᠢᠶᠠᠯ ‍ᠢ ᠤᠯᠵᠤ ᠴᠢᠲᠠᠨ᠎ᠠ

2017-03-14 11:14

    ᠰᠢᠨᠬᠤᠸᠠ ᠬᠤᠷᠢᠶ᠎ᠠ   ᠪᠡᠭᠡᠵᠢᠩ ‍ᠤᠨ 3 ᠰᠠᠷ᠎ᠠ ᠶ᠋ᠢᠨ 12 ᠤ᠋ᠨ ᠡᠳᠦᠷ ‍ᠤᠨ ᠴᠠᠬᠢᠯᠭᠠᠨ ᠮᠡᠲᠡᠭᠡ (ᠰᠤᠷᠪᠤᠯᠵᠢᠯᠠᠭᠴᠢ ᠸᠠᠩ ᠾᠦᠢ ᠾᠦᠢ᠂ ᠬᠠᠨ ᠵᠢᠶᠧ) ᠰᠤᠶᠤᠯ ‍ᠤᠨ ᠶᠠᠮᠤᠨ ᠤ ᠰᠠᠶᠢᠳ ᠯᠦᠧᠧ ᠱᠦ ᠭᠠᠩ 12 ᠤᠨ ᠡᠳᠦᠷ ᠠᠷᠠᠳ ‍ᠤᠨ ᠶᠡᠬᠡ ᠬᠤᠷᠠᠯ ‍ᠤᠨ ᠳᠠᠩᠬᠢᠮ ᠳᠡᠬᠢ《ᠰᠠᠶᠢᠳ ᠨᠠᠷ ‍ᠤᠨ ᠬᠤᠩᠬᠢᠯ》  ᠳᠤ ᠰᠡᠳᠬᠦᠯᠴᠢ ᠳᠤ ᠬᠠᠨᠳᠤᠨ᠂ ᠤᠲᠤᠬᠠᠨ ᠳ᠋ᠥ ᠮᠠᠨ ᠤ ᠤᠯᠤᠰ ‍ᠤᠨ ᠰᠤᠶᠤᠯ ‍ᠤᠨ ᠪᠦᠳᠦᠬᠡᠭᠳᠡᠬᠦᠨ ᠪᠠ ᠦᠢᠯᠡᠴᠢᠯᠡᠭᠡ ᠳ᠋ᠥ ᠪᠦᠳᠦᠬᠦᠯᠢᠭ᠌ ᠢᠶᠡᠷ ᠬᠢᠬᠦ᠂ ᠴᠢᠨᠠᠭᠰᠢᠯᠠᠪᠠᠯ ᠤᠯᠠᠨ ᠳᠦ᠋ᠮᠡᠨ ‍ᠢ ᠲᠤᠷ᠎ᠠ ᠦᠭᠡᠶᠢᠴᠡᠬᠦᠯᠬᠦ ᠪᠤᠯᠬᠢ ᠲᠤᠤᠷᠠᠲᠤ ᠵᠦᠢᠯ ‍ᠢ ᠬᠢᠵᠤ ᠪᠦᠳᠦᠬᠡᠬᠦ᠂ ᠪᠤᠯᠬᠢ ᠲᠤᠤᠷᠠᠲᠤ ᠲᠠᠭᠠᠰᠢᠶᠠᠯ ᠳ᠋ᠥ ᠨᠡᠶᠢᠴᠡᠬᠦᠯᠬᠦ᠂ ᠡᠭᠡᠯ ᠪᠤᠯᠬᠢ ᠵᠦᠢᠯ ᠭᠠᠷᠭᠠᠬᠤ ᠵᠡᠷᠭᠡ ᠠᠰᠠᠭᠤᠲᠠᠯ ᠤᠷᠤᠰᠢᠵᠤ᠂ ᠠᠷᠠᠳ ᠤᠯᠠᠨ ᠤ ᠰᠠᠨᠠᠯ ᠳᠤᠰᠬᠠᠯ ᠶᠡᠬᠡᠲᠡᠢ ᠠᠰᠠᠭᠤᠲᠠᠯ ᠪᠤᠯᠵᠤ ᠪᠠᠶᠢᠨ᠎ᠠ ᠭᠡᠵᠡᠢ᠃

    ᠳᠠᠷᠠ᠂ ᠰᠤᠶᠤᠯ ‍ᠤᠨ ᠰᠠᠯᠠᠭ᠎ᠠ ᠮᠦᠴᠢᠷ ᠤᠳ ᠰᠤᠶᠤᠯ ‍ᠤᠨ ᠤᠬᠢ ᠪᠦᠳᠦᠭᠡᠯ ‍ᠤᠨ ᠤᠬᠠᠮᠰᠠᠷ ᠢ ‍ᠶᠡᠬᠡᠪᠠᠷ ᠪᠤᠶᠢᠵᠢᠭᠤᠯᠵᠤ᠂ ᠠᠷᠠᠳ ᠤᠯᠠᠨ ᠳ᠋ᠥ ᠦᠵᠡᠯ ᠰᠠᠨᠠᠭᠠᠴᠢ ᠴᠢᠨᠠᠷ᠂ ᠤᠷᠠᠯᠢᠬᠴᠢ ᠴᠢᠨᠠᠷ᠂ ᠰᠤᠨᠢᠷᠬᠠᠯᠲᠤ ᠴᠢᠨᠠᠷ ᠢ ᠨᠢᠭᠡᠲᠦᠬᠦᠯᠦᠭᠰᠡᠨ ᠰᠤᠶᠤᠯ ‍ᠤᠨ ᠪᠦᠳᠦᠬᠡᠭᠳᠡᠬᠦᠨ ᠪᠠ ᠦᠢᠯᠡᠴᠢᠯᠡᠭᠡ ᠶ᠋ᠢ ᠢᠯᠡᠬᠦᠭᠡᠨ ᠬᠠᠩᠭᠠᠬᠤ ᠬᠡᠷᠡᠭᠳᠡᠢ; ᠬᠦᠮᠦᠵᠢᠯ ᠪᠤᠯᠤᠨ ᠴᠡᠩᠬᠡᠬᠦᠨ ‍ᠢ ᠤᠶᠠᠯᠳᠤᠭᠤᠯᠤᠬᠰᠠᠨ ᠬᠦᠮᠦᠰ ‍ᠤᠨ ᠰᠡᠳᠬᠢᠯ ‍ᠢ ᠬᠦᠲᠡᠯᠭᠡᠵᠦ ᠴᠢᠲᠠᠬᠤ᠂ ᠤᠯᠠᠨ ᠳᠦᠮᠡᠨ  ᠤ ᠦᠵᠡᠵᠦ ᠰᠤᠨᠤᠰᠬᠤ ᠳᠤᠷᠠᠲᠠᠢ ᠰᠤᠶᠤᠯ ‍ᠤᠨ ᠪᠦᠳᠦᠬᠡᠭᠳᠡᠬᠦᠨ ᠪᠠ ᠦᠢᠯᠡᠴᠢᠯᠡᠭᠡ ᠶ᠋ᠢ ᠢᠯᠡᠬᠦᠭᠡᠨ ᠬᠠᠩᠭᠠᠬᠤ ᠬᠡᠷᠡᠭᠳᠡᠢ; ᠬᠦᠮᠦᠨ ᠤ ᠤᠶᠤᠨ ᠰᠡᠳᠬᠢᠯ ᠢ ᠠᠷᠢᠭᠤᠰᠬᠠᠬᠤ᠂ ᠬᠦᠮᠦᠰ ᠲᠤ ᠪᠠᠶᠢᠭᠠᠯᠢ ᠶ᠋ᠢᠨ ᠰᠠᠶᠢᠬᠠᠨ᠂ ᠠᠮᠢᠲᠤᠷᠠᠯ ‍ᠤᠨ ᠰᠠᠶᠢᠬᠠᠨ᠂ ᠤᠶᠤᠨ ᠰᠦᠨᠡᠰᠦᠨ ᠤ ᠰᠠᠶᠢᠬᠠᠨ ‍ᠢ ᠬᠠᠷᠠᠭᠤᠯᠬᠤ ᠰᠤᠶᠤᠯ ‍ᠤᠨ ᠪᠦᠳᠦᠬᠡᠭᠳᠡᠬᠦᠨ ᠪᠠ ᠦᠢᠯᠡᠴᠢᠯᠡᠭᠡ ᠶ᠋ᠢ ᠢᠯᠡᠬᠦᠭᠡᠨ ᠬᠠᠩᠭᠠᠬᠤ ᠬᠡᠷᠡᠭᠳᠡᠢ ᠭᠡᠵᠡᠢ᠃

    ᠯᠦᠧᠧ ᠱᠦ ᠭᠠᠩ᠄ 《ᠤᠯᠠᠨ ᠨᠡᠶᠢᠲᠡ ᠶ᠋ᠢᠨ ᠰᠤᠶᠤᠯ ‍ᠤᠨ ᠦᠢᠯᠡᠴᠢᠯᠡᠭᠡ ᠶ᠋ᠢ ᠪᠦᠬᠦᠲᠠ ᠤᠯᠠᠨ ‍ᠢᠶ᠋ᠡᠷ ‍ᠢᠶ᠋ᠡᠨ ᠡᠷᠬᠢᠯᠡᠬᠦ ᠬᠡᠷᠡᠭᠳᠡᠢ᠂ ᠵᠠᠰᠠᠭ ‍ᠤᠨ ᠤᠷᠲᠤᠨ ᠭᠤᠴᠤᠯᠠᠯ ᠲᠠᠭᠤᠤ ᠲᠠᠭᠤᠯᠠᠵᠤ ᠪᠠᠶᠢᠬᠰᠠᠨ ‍ᠢ ᠨᠡᠶᠢᠭᠡᠮ ‍ᠤᠨ ᠨᠠᠶᠢᠷᠠᠯ ᠲᠠᠭᠤᠤ ᠪᠤᠯᠭᠠᠬᠤ ᠬᠡᠷᠡᠭᠳᠡᠢ》ᠭᠡᠯ᠎ᠡ᠃ ᠲᠠᠷᠠ ᠪᠠᠰᠠ᠂ ᠤᠯᠠᠨ ᠨᠡᠶᠢᠲᠡ ᠶ᠋ᠢᠨ ᠰᠤᠶᠤᠯ ‍ᠤᠨ ᠦᠢᠯᠡᠴᠢᠯᠡᠭᠡ ᠶ᠋ᠢᠨ ᠠᠭᠤᠯᠭ᠎ᠠ ᠶ᠋ᠢ ᠬᠠᠩᠭᠠᠬᠤ ᠲᠠᠯ᠎ᠠ ᠪᠠᠷ᠂ ᠵᠠᠰᠠᠭ ‍ᠤᠨ ᠤᠷᠲᠤᠨ ᠡᠴᠠ ᠰᠤᠶᠤᠯ ‍ᠢ ᠬᠦᠷᠭᠡᠬᠦ ᠪᠠ ᠤᠯᠠᠨ ᠳᠦᠮᠡᠨ ᠰᠤᠶᠤᠯ ‍ᠢ ᠬᠦᠯᠢᠶᠡᠵᠤ ᠠᠪᠬᠤ ᠶ᠋ᠢ ᠤᠶᠠᠯᠳᠤᠭᠤᠯᠬᠤ ᠬᠡᠷᠡᠭᠳᠡᠢ᠂ ᠳᠤᠬᠠᠶᠢᠯᠠᠪᠠᠯ ᠵᠠᠰᠠᠭ ‍ᠤᠨ ᠣᠷᠲᠣᠨ 《ᠵᠠᠬᠢᠶᠠᠯᠠᠭ᠎ᠠ ᠶ᠋ᠢᠨ ᠭᠠᠷᠴᠠᠭ ᠬᠦᠷᠭᠡᠬᠦ》ᠪᠠ ᠤᠯᠠᠨ ᠳᠦᠮᠡᠨ 《ᠵᠠᠬᠢᠶᠠᠯᠠᠬᠤ》 ᠶ᠋ᠢ ᠤᠶᠠᠯᠳᠤᠭᠤᠯᠬᠤ ᠬᠡᠷᠡᠭᠳᠡᠢ᠃ ᠭᠠᠭᠴᠠᠬᠦ ᠤᠯᠠᠨ ᠳᠦᠮᠡᠨ  ᠢᠶᠡᠷ《ᠵᠠᠬᠢᠶᠠᠯᠠᠭᠤᠯᠪᠠᠯ》 ᠤᠯᠠᠨ ᠨᠡᠶᠢᠲᠡ ᠶ᠋ᠢᠨ ᠦᠢᠯᠡᠴᠢᠯᠡᠭᠡ ᠰᠠᠶ᠊ᠢ ᠦᠷ᠎ᠡ ᠪᠦᠳᠦᠮᠵᠢ ᠪᠠᠨ ᠲᠡᠭᠡᠭᠰᠢᠯᠡᠬᠦᠯᠵᠦ᠂ ᠪᠤᠲᠠᠳᠦ ᠪᠦᠳᠦᠮᠵᠢ ᠪᠠᠨ ᠨᠡᠮᠡᠭᠲᠡᠬᠦᠯᠦᠨ᠂ ᠤᠯᠠᠨ ᠳᠦᠮᠡᠨ ᠤ ᠮᠠᠭᠲᠠᠭᠠᠯ ᠰᠠᠶᠢᠰᠢᠶᠠᠯ ‍ᠢ ᠬᠦ᠋ᠷᠲᠡᠵᠦ ᠴᠢᠲᠠᠬᠤ ᠶᠤᠮ ᠬᠡᠵᠡᠢ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120701120623498