ᠢᠤᠢ ᠵᠸᠡᠭ ᠱᠸᠡᠭ ᠲᠦᠪ ᠤᠨ ᠲᠦᠯᠦᠭᠡᠯᠡᠬᠦ ᠪᠠᠭ ᠤᠨ ᠨᠢᠭᠡᠲᠦᠭᠡᠷ ᠰᠠᠯᠪᠤᠷᠢ ᠪᠠᠭ ᠢᠶᠡᠨ ᠲᠠᠭᠠᠭᠤᠯᠤᠨ ᠬᠦᠬᠡᠬᠤᠳᠠ ᠳᠤ ᠡᠯ᠎ᠡ ᠦᠨᠳᠦᠰᠦᠳᠡᠨ ᠤ ᠺᠠᠳ᠋ᠷ ᠤᠯᠠᠨ ᠲᠦᠮᠡᠨ ᠢ ᠪᠤᠯᠭᠤᠭᠠᠨ ᠦᠵᠡᠪᠡ 2017-08-10 10:20

    ᠰᠢᠨᠬᠤᠸᠠ ᠬᠤᠷᠢᠶ᠎ᠠ ᠬᠦᠬᠡᠬᠤᠳᠠ ᠶᠢᠨ 8 ᠰᠠᠷ᠎ᠠ ᠶᠢᠨ 9 ᠤ ᠡᠳᠤᠷ ᠤᠨ ᠴᠠᠬᠢᠯᠭᠠᠨ ᠮᠡᠳᠡᠬᠡ ( ᠶᠠᠩ ᠸᠧᠢ ᠬᠠᠨ ᠿᠦᠩ ᠴᠢ ᠬᠠᠨ ) 8 ᠰᠠᠷ᠎ᠠ ᠵᠢᠨ 9 ᠤ ᠡᠳᠦᠷ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠤᠷᠢᠶᠠᠨ ᠤ ᠤᠯᠤᠰ ᠲᠦᠷᠦ ᠵᠢᠨ ᠲᠤᠪᠴᠢᠶᠠᠨ ᠤ ᠪᠠᠢᠢᠡᠭᠭᠤ ᠵᠢᠨ ᠭᠡᠰᠢᠭᠦᠨ ᠂ ᠪᠦᠭᠦ ᠤᠯᠤᠰ ᠤᠨ ᠤᠯᠤᠰ ᠲᠦᠷᠦ ᠵᠢᠨ ᠵᠦᠪᠯᠡᠯᠭᠡᠨ ᠤ ᠲᠡᠷᠢᠭᠦᠯᠡᠭᠴᠢ᠋᠂ ᠲᠦᠪ ᠤᠨ ᠲᠦᠯᠦᠭᠡᠯᠡᠬᠦ ᠪᠠᠭ ᠤᠨ ᠲᠠᠷᠤᠭ᠎ᠠ ᠢᠤᠢ᠋ ᠵᠧᠡᠭ ᠱᠧᠡᠭ ᠲᠦᠪ ᠤᠨ ᠲᠦᠯᠦᠭᠡᠯᠡᠬᠦ ᠪᠠᠭ ᠤᠨ ᠨᠢᠭᠡᠲᠦᠭᠡᠷ ᠰᠠᠯᠪᠤᠷᠢ ᠪᠠᠭ ᠢᠶᠡᠨ ᠲᠠᠭᠠᠭᠤᠯᠣᠨ ᠬᠦᠬᠡᠬᠤᠳᠠ ᠵᠢᠨ ᠦᠨᠳᠦᠰᠦᠨ ᠱᠠᠳᠤᠨ ᠤ ᠨᠡᠢᠢᠭᠡᠮ ᠲᠤᠭᠤᠷᠢᠭ᠂ ᠠᠵᠦ ᠠᠬᠤᠢᠢᠯᠠᠯ ᠤᠨ ᠨᠢᠭᠡᠴᠡ ᠪᠡᠷ ᠬᠦᠷᠴᠤ᠂ ᠰᠢ᠋ ᠵᠢᠨ ᠫᠢᠡᠭ ᠨᠦᠭᠦᠷ ᠵᠢᠡᠷ ᠭᠤᠤᠯ ᠪᠤᠯᠭᠠᠬᠰᠠᠨ ᠨᠠᠮ ᠤᠨ ᠲᠦᠪ ᠬᠤᠷᠢᠶ᠎ᠠ ᠵᠢᠨ ᠲᠤᠳᠤᠨᠤ ᠬᠠᠯᠠᠮᠵᠢᠯᠠᠯ ᠢ ᠲᠤᠬᠠᠢ᠋ ᠵᠢᠨ ᠭᠠᠵᠠᠷ ᠤᠨ ᠦᠨᠳᠦᠰᠦᠳᠡᠨ ᠨᠤᠬᠦᠳ ᠤᠨ ᠺᠠᠳ᠋ᠷ ᠤᠯᠠᠨ ᠲᠦᠮᠡᠨ ᠳᠤ ᠬᠦᠷᠭᠡᠪᠡ᠃

    ᠪᠣᠭᠣᠮᠳᠠ ᠵᠢᠨ ᠭᠠᠳᠠᠨᠠᠬᠢ ᠬᠦᠬᠡᠬᠤᠳᠠ ᠵᠢᠨ ᠴᠡᠩᠬᠡᠷ ᠣᠭᠳᠠᠷᠭᠣᠢ᠋ ᠵᠢᠨ ᠳᠣᠣᠷ᠎ᠠ ᠂ 《 ᠦᠵᠡᠰᠭᠦᠯᠠᠡᠭᠳᠤ ᠰᠠᠢᠢᠬᠠᠨ ᠦᠪᠤᠷ ᠮᠤᠡᠭᠭᠤᠯ ᠵᠢᠡᠨ ᠪᠦᠲᠦᠭᠡᠨ ᠪᠠᠢᠢᠭᠤᠯᠵᠦ ᠠᠭᠤᠤ ᠶᠡᠭᠡ ᠲᠤᠮᠳᠠᠳᠤ ᠵᠢᠨ ᠵᠡᠭᠦᠳᠤ ᠪᠠᠨ ᠬᠠᠮᠳᠤᠪᠠᠷ ᠲᠡᠷᠭᠡᠯᠰᠢᠭᠦᠯᠦᠶ᠎ᠠ 》᠂《ᠦᠪᠤᠷ ᠮᠤᠡᠭᠭᠤᠯ ᠤᠨ ᠦᠪᠡᠷᠳᠡᠭᠡᠨ ᠵᠠᠰᠠᠬᠤ ᠤᠷᠤᠨ ᠪᠠᠢᠢᠭᠤᠯᠤᠬᠳᠠᠬᠰᠠᠨ 70 ᠵᠢᠯ ᠤᠨ ᠤᠢ᠋ ᠪᠠᠨ ᠪᠠᠶᠠᠷᠯᠠᠨ ᠪᠡᠯᠭᠡᠯᠡᠶ᠎ᠠ 》ᠭᠡᠰᠡᠨ ᠤᠷᠢᠶ᠎ᠠ ᠯᠤᠽᠦ᠋ᠩ ᠪᠠ ᠬᠦᠨᠳᠠᠯᠠᠨ ᠪᠢᠴᠢᠭᠡᠰᠦ ᠦᠨᠳᠤᠷ ᠠᠰᠠᠷ ᠦᠷᠭᠡᠨ ᠵᠠᠭᠡᠯᠢ᠋ ᠪᠠᠷ ᠡᠯᠬᠦᠭ᠍ᠳᠡᠨ᠂ ᠪᠠᠶᠠᠷ ᠤᠨ ᠡᠳᠤᠷ ᠤᠨ ᠠᠭᠤᠷ ᠠᠮᠢᠰᠬᠤᠯ ᠶᠢᠡᠷ ᠪᠢᠯᠬᠠᠨ᠎ᠠ᠃

    9 ᠤ ᠦᠳᠡ ᠡᠴᠡ ᠡᠮᠦᠨ᠎ᠡ ᠂ ᠢᠤᠢ᠋ ᠵᠧᠡᠭ ᠱᠧᠡᠭ ᠨᠠᠷ ᠤᠯᠠᠭᠠᠨᠬᠦᠦ ᠨᠦᠭᠦᠷ ᠤᠨ ᠲᠤᠷᠠᠰᠬᠠᠯ ᠤᠨ ᠤᠷᠳᠤᠨ ᠳᠤ ᠬᠦᠷᠴᠦ ᠂ ᠠᠬᠠᠮᠠᠳ ᠬᠤᠪᠢᠰᠬᠠᠯᠴᠢᠳ ᠤᠨ ᠨᠠᠮ ᠲᠦᠷᠦ ᠪᠠ ᠠᠷᠠᠳ ᠲᠦᠮᠡᠨ ᠤ ᠲᠦᠯᠦᠭᠡ ᠪᠠᠢᠢᠭᠤᠯᠤᠬᠰᠠᠨ ᠳᠡᠦᠬᠡᠳᠦ ᠭᠠᠪᠢᠶ᠎ᠠ ᠵᠢᠳᠭᠦᠯ ᠢ ᠡᠷᠭᠢᠴᠡᠭᠦᠯᠦᠨ ᠰᠠᠨᠠᠭᠠᠯᠵᠠᠪᠠ ᠃ ᠦᠨᠡᠳᠤ ᠮᠠᠲ᠋ᠧᠷᠢᠶᠠᠯ ᠂ ᠲᠡᠤᠭᠡ ᠵᠢᠨ ᠲᠤᠷᠠᠰᠬᠠᠯᠳᠤ ᠪᠤᠳᠠᠰ ᠪᠠ ᠵᠢᠷᠤᠭ ᠤᠳ ᠤᠨ ᠡᠮᠦᠨ᠎ᠡ᠂ ᠢᠤᠢ᠋ ᠵᠸᠡᠭ ᠱᠸᠡᠭ ᠲᠦᠷ ᠵᠣᠭᠰᠣᠨ ᠨᠠᠷᠢᠪᠴᠢᠯᠠᠨ ᠦᠵᠡᠵᠦ᠂ ᠲᠠᠢᠢᠯᠪᠤᠷᠢᠯᠠᠭᠴᠢ᠋ ᠶᠢᠨ ᠳᠠᠨᠢᠯᠴᠠᠭᠣᠯᠬᠣ ᠵᠢ᠋ ᠬᠢᠨᠠᠮᠠᠭᠠᠢ᠋ ᠰᠤᠨᠤᠰᠴᠣ ᠂ ᠤᠯᠠᠭᠠᠨᠬᠦᠦ ᠨᠦᠭᠦᠷ ᠤᠨ ᠦᠪᠤᠷ ᠮᠤᠡᠭᠭᠤᠯ ᠤᠨ ᠦᠪᠡᠷᠳᠡᠭᠡᠨ ᠵᠠᠰᠠᠬᠤ ᠤᠷᠤᠨ ᠢ ᠪᠠᠢᠢᠭᠤᠯᠬᠤ ᠳ᠋ᠦ ᠦᠵᠡᠭᠦᠯᠦᠭᠰᠡᠨ ᠭᠠᠷᠮᠠᠭᠠᠢ᠋ ᠬᠤᠪᠢ ᠨᠡᠮᠡᠷᠢ᠋ ᠪᠠ ᠬᠡᠷᠡᠯ ᠰᠠᠴᠤᠷᠠᠡᠭᠭᠤᠢ᠋ ᠬᠤᠪᠢᠰᠬᠠᠯ ᠤᠨ ᠦᠩᠭᠡᠷᠡᠯᠳᠠ ᠶᠢ᠋ ᠨᠠᠷᠢᠨ ᠤᠢᠢᠯᠠᠭᠠᠪᠠ᠃ ᠲᠡᠷᠡ᠂ ᠤᠯᠠᠭᠠᠨᠬᠦᠦ ᠨᠦᠭᠦᠷ ᠤᠨ ᠡᠷᠭᠢᠮ ᠲᠡᠭᠡᠳᠤ ᠵᠤᠷᠢᠭ ᠰᠠᠨᠠᠭ᠎ᠠ ᠪᠠ ᠰᠢᠯᠢᠳᠡᠭ ᠵᠠᠡᠭ ᠰᠣᠷᠳᠠᠯ ᠢ ᠵᠠᠯᠭᠠᠮᠵᠢᠯᠠᠨ ᠪᠠᠳᠠᠷᠠᠭᠤᠯᠵᠦ ᠂ 《 ᠦᠵᠡᠰᠭᠦᠯᠠᠡᠭᠳᠤ ᠰᠠᠢᠢᠬᠠᠨ ᠦᠪᠤᠷ ᠮᠤᠡᠭᠭᠤᠯ ᠢᠶᠡᠨ ᠪᠦᠲᠦᠭᠡᠨ ᠪᠠᠢᠢᠭᠤᠯᠵᠦ ᠠᠭᠤᠤ ᠶᠡᠭᠡ ᠲᠤᠮᠳᠠᠳᠤ ᠵᠢᠨ ᠵᠡᠭᠦᠳᠤ ᠪᠠᠨ ᠬᠠᠮᠳᠤᠪᠠᠷ ᠲᠡᠷᠭᠡᠯᠰᠢᠭᠦᠯᠭᠦ》ᠯᠤᠳᠤ ᠶᠡᠭᠡ ᠬᠦᠴᠦᠨ ᠪᠤᠯᠭᠠᠨ ᠬᠤᠪᠢᠷᠠᠭᠤᠯᠬᠤ ᠬᠡᠷᠡᠭᠳᠡᠢ᠋ ᠭᠡᠪᠠ᠃

    ᠰᠠᠢᠢᠬᠠᠨ ᠲᠤᠭᠤᠷᠢᠭ ᠤᠨ ᠤᠯᠠᠨ ᠦᠨᠳᠦᠰᠦᠳᠡᠨ ᠲᠦᠪᠯᠡᠷᠡᠨ ᠰᠠᠭᠤᠷᠢᠰᠢᠬᠰᠠᠨ ᠰᠢᠡᠭ ᠺᠠᠡᠭ ᠨᠡᠢᠢᠭᠡᠮ ᠲᠤᠭᠤᠷᠢᠭ ᠲᠦ ᠂ ᠢᠤᠢ᠋ ᠵᠸᠡᠭ ᠱᠸᠡᠭ ᠨᠢᠭᠡ ᠦᠷᠳᠡᠭᠡᠴᠢᠯᠡᠭᠰᠡᠨ ᠦᠢᠯᠡᠴᠢᠯᠡᠭᠡᠨ ᠤ ᠲᠢᠡᠭᠭᠢᠮ ᠳᠤ ᠬᠦᠷᠴᠤ ᠂ ᠠᠵᠢᠯᠳᠠᠳ ᠡᠴᠡ ᠨᠡᠢᠢᠭᠡᠮ ᠲᠤᠭᠤᠷᠢᠭ ᠤᠨ ᠰᠠᠭᠤᠭᠠᠯᠢ᠋ ᠢᠷᠭᠡᠳ ᠲᠤ ᠦᠢᠯᠡᠴᠢᠯᠡᠵᠤ ᠪᠠᠢᠢᠭ᠎ᠠ ᠪᠠᠢᠢᠳᠠᠯ ᠢ ᠣᠢᠢᠯᠠᠭᠠᠪᠠ᠃ ᠲᠡᠷᠡ᠂ ᠬᠤᠳᠠ ᠵᠢᠨ ᠦᠨᠳᠦᠰᠦᠳᠡᠨ ᠤ ᠠᠵᠢᠯ ᠤᠨ ᠬᠦᠴᠦᠯᠡᠴᠡ ᠶᠢᠨ ᠴᠡᠭ ᠨᠡᠢᠢᠭᠡᠮ ᠲᠤᠭᠤᠷᠢᠭ ᠲᠦ ᠪᠤᠢ᠋ ᠂ ᠬᠠᠮᠳᠤᠪᠠᠷ ᠰᠠᠭᠤᠷᠢᠰᠢᠵᠦ ᠂ ᠬᠠᠮᠳᠤᠪᠠᠷ ᠰᠤᠷᠤᠯᠴᠠᠵᠦ᠂ ᠬᠠᠮᠳᠤᠪᠠᠷ ᠠᠵᠢᠯᠯᠠᠵᠦ᠂ ᠬᠠᠮᠳᠤᠪᠠᠷ ᠪᠠᠶᠠᠰᠬᠤ ᠨᠡᠢᠢᠭᠡᠮ ᠤᠨ ᠨᠦᠭᠦᠴᠡᠯ ᠢ ᠡᠭᠦᠳᠴᠦ᠂ ᠦᠨᠳᠦᠰᠦᠳᠡᠨ ᠨᠤᠬᠦᠳ ᠤᠨ ᠤᠯᠠᠨ ᠲᠦᠮᠡᠨ ᠢ ᠠᠬ᠎ᠠ ᠳᠡᠭᠦᠦ ᠮᠡᠳᠦ ᠲᠤᠳᠤᠨᠤ ᠪᠣᠯᠭᠠᠵᠣ᠂ ᠰᠠᠬᠢᠨ ᠲᠡᠮᠨᠡᠯᠴᠡᠬᠦ ᠬᠡᠷᠡᠭᠳᠡᠢ᠋ ᠭᠡᠪᠠ᠃ ᠢᠤᠢ᠋ ᠵᠸᠡᠭ ᠱᠸᠡᠭ ᠪᠠᠰᠠ ᠮᠦᠷᠦᠭᠡᠳᠤᠯ ᠢᠶᠡᠨ ᠲᠡᠷᠭᠡᠯᠰᠢᠭᠦᠯᠭᠦ ᠨᠤᠮ ᠤᠨ ᠦᠷᠦᠭᠡ᠂ ᠶᠡᠷᠦᠡᠭᠭᠡᠢᠢᠯᠡᠭᠰᠡᠨ ᠠᠵᠢᠯᠯᠠᠭ᠎ᠠ ᠵᠢᠨ ᠲᠠᠰᠤᠭ ᠵᠡᠷᠭᠡ ᠭᠠᠵᠠᠷ ᠲᠦ ᠬᠦᠷᠴᠤ ᠤᠯᠠᠨ ᠲᠠᠢ᠋ ᠰᠠᠨᠠᠯ ᠵᠢᠡᠨ ᠰᠤᠯᠢᠯᠴᠠᠵᠦ᠂ ᠰᠠᠭᠤᠭᠠᠯᠢ᠋ ᠢᠷᠭᠡᠳ ᠤᠨ ᠠᠮᠢᠳᠤᠷᠠᠯ ᠡᠳᠦᠷ ᠡᠴᠡ ᠡᠳᠦᠷ ᠰᠠᠢᠢᠵᠢᠷᠠᠨ ᠨᠠᠡᠭ ᠲᠠᠨᠢᠬᠦᠨ ᠲᠠᠪᠠᠳᠠᠢ᠋ ᠪᠣᠯᠬᠣ ᠵᠢ᠋ ᠵᠦᠩᠨᠡᠪᠡ᠃

    ᠲᠠᠷᠠᠭ᠎ᠠ ᠨᠢ ᠢᠤᠢ᠋ ᠵᠸᠡᠭ ᠱᠸᠡᠭ ᠬᠦᠬᠡᠬᠤᠳᠠ ᠵᠢᠨ ᠡᠯ᠎ᠠ ᠦᠨᠳᠦᠰᠦᠳᠡᠨ ᠡᠯ᠎ᠠ ᠡᠳᠡᠭᠡᠳ ᠤᠨ ᠺᠠᠳ᠋ᠷ ᠤᠯᠠᠨ ᠲᠦᠮᠡᠨ ᠤ ᠲᠦᠯᠦᠭᠡᠯᠡᠭᠴᠢᠳ ᠳᠠᠢ᠋ ᠠᠭᠤᠯᠵᠠᠬᠰᠠᠨ ᠪᠦᠭᠡᠳ ᠦᠪᠤᠷ ᠮᠤᠡᠭᠭᠤᠯ ᠤᠨ ᠦᠪᠡᠷᠳᠡᠭᠡᠨ ᠵᠠᠰᠠᠬᠤ ᠤᠷᠤᠨ ᠪᠠᠢᠢᠭᠤᠯᠤᠬᠳᠠᠬᠰᠠᠨ 70 ᠵᠢᠯ ᠤᠨ ᠤᠢ᠋ ᠵᠢ᠋ ᠪᠡᠯᠭᠡᠯᠡᠭᠦ ᠬᠦᠬᠡᠬᠤᠳᠠ ᠵᠢᠨ ᠶᠠᠷᠢᠯᠴᠠᠬᠤ ᠬᠤᠷᠠᠯ ᠳᠤ ᠤᠷᠤᠯᠴᠠᠪᠠ᠃ ᠲᠤᠬᠠᠢ᠋ ᠵᠢᠨ ᠭᠠᠵᠠᠷ ᠤᠨ ᠺᠠᠳ᠋ᠷ ᠤᠯᠨᠨ ᠲᠦᠮᠡᠨ ᠤ ᠲᠦᠯᠦᠭᠡᠯᠡᠭᠴᠢ᠋ ᠵᠢᠨ ᠶᠠᠷᠢᠬᠤ ᠵᠢ᠋ ᠬᠢᠨᠠᠮᠠᠭᠠᠢ᠋ ᠰᠤᠨᠤᠰᠤᠬᠰᠠᠨ ᠤ ᠲᠠᠷᠠᠭ᠎ᠠ ᠂ ᠢᠤᠢ᠋ ᠵᠸᠡᠭ ᠱᠸᠡᠭ ᠣᠯᠠᠨ ᠢ ᠦᠪᠡᠷᠳᠡᠭᠡᠨ ᠵᠠᠰᠠᠬᠤ ᠤᠷᠤᠨ ᠪᠠᠢᠢᠭᠤᠯᠤᠬᠳᠠᠬᠰᠠᠨ 70 ᠵᠢᠯ ᠤᠨ ᠤᠢ᠋ ᠪᠡᠷ ᠰᠢᠨ᠎ᠠ ᠭᠠᠷᠤᠭ᠎ᠠ ᠪᠤᠯᠭᠠᠵᠦ᠂ ᠶᠡᠷᠦᠡᠭᠭᠡᠢ᠋ ᠱᠦᠵᠢ᠋ ᠰᠢ᠋ ᠵᠢᠨ ᠫᠢᠡᠭ ᠤᠨ ᠴᠢᠬᠤᠯᠠ ᠶᠠᠷᠢᠶ᠎ᠠ ᠨᠣᠭᠣᠳ ᠤᠨ ᠵᠤᠷᠢᠭ ᠰᠠᠨᠠᠭ᠎ᠠ ᠪᠠ ᠤᠯᠤᠰ ᠢ ᠵᠠᠰᠠᠵᠤ ᠲᠦᠷᠦ ᠪᠠᠷᠢᠬᠤ ᠰᠢᠨ᠎ᠠ ᠤᠢᠢᠯᠠᠭᠠᠬᠳᠠᠬᠤᠨ ᠰᠢᠨ᠎ᠠ ᠦᠵᠡᠯ ᠰᠠᠨᠠᠭ᠎ᠠ ᠰᠢᠨ᠎ᠠ ᠪᠠᠢᠢᠯᠳᠤᠬᠤ ᠪᠤᠳᠤᠯᠭ᠎ᠠ ᠵᠢ᠋ ᠬᠦᠨᠵᠡᠭᠡᠢ᠋ ᠲᠤᠤᠱᠯᠠᠭᠤᠯᠤᠨ᠂ ᠶᠡᠷᠦᠡᠭᠭᠡᠢ᠋ ᠱᠦᠵᠢ᠋ ᠰᠢ᠋ ᠵᠢᠨ ᠫᠢᠡᠭ ᠤᠨ《7 • 26》 ᠤ ᠴᠢᠬᠤᠯᠠ ᠶᠠᠷᠢᠶ᠎ᠠ ᠵᠢᠨ ᠵᠤᠷᠢᠭ ᠰᠠᠨᠠᠭ᠎ᠠ ᠵᠢ᠋ ᠰᠤᠷᠤᠯᠴᠠᠨ ᠲᠤᠤᠱᠯᠠᠭᠤᠯᠵᠦ ᠂ ᠬᠡᠯᠪᠡᠷᠢ᠋ ᠶᠢ ᠬᠤᠪᠢᠷᠠᠭᠤᠯᠬᠤ᠂ ᠪᠦᠲᠦᠴᠡ ᠵᠢ᠋ ᠲᠤᠬᠢᠷᠠᠭᠤᠯᠬᠤ᠂ ᠦᠭᠡᠷᠡᠴᠢᠯᠠᠯᠳᠠ ᠵᠢ᠋ ᠠᠭᠢᠭᠤᠯᠬᠤ᠂ ᠠᠷᠠᠳ ᠲᠤ ᠠᠰᠢᠭ ᠬᠦᠷᠳᠡᠭᠡᠭᠦ ᠂ ᠠᠶᠤᠯ ᠲᠦᠭᠰᠢᠭᠦᠷᠢ᠋ ᠵᠢ᠋ ᠰᠡᠷᠭᠡᠢᠢᠯᠡᠭᠦ ᠲᠠᠯ᠎ᠠ ᠪᠠᠷ ᠲᠠᠰᠤᠷᠠᠯᠳᠠ ᠦᠭᠡᠢ᠋ ᠰᠢᠨ᠎ᠠ ᠦᠷ᠎ᠠ ᠪᠦᠲᠦᠮᠵᠢ᠋ ᠣᠯᠵᠣ᠂ ᠦᠨᠳᠦᠰᠦᠳᠡᠨ ᠤ ᠪᠦᠯᠭᠦᠮᠳᠠᠯ ᠢ ᠠᠭᠢᠭᠤᠯᠬᠤ ᠲᠠᠯ᠎ᠠ ᠪᠠᠷ ᠰᠢᠨ᠎ᠠ ᠠᠯᠬᠣᠮ ᠢ ᠠᠯᠬᠣᠵᠣ᠂ ᠰᠢᠯᠢᠳᠡᠭ ᠠᠮᠵᠢᠯᠳᠠ ᠪᠡᠷ ᠢᠶᠡᠨ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠠᠮᠵᠢᠯᠳᠠ ᠳᠠᠢ᠋ ᠬᠤᠷᠠᠯᠳᠤᠬᠤ ᠵᠢ᠋ ᠤᠬᠳᠤᠬᠤ ᠭᠡᠷᠡᠭᠳᠡᠢ᠋ ᠭᠡᠵᠤ ᠵᠤᠷᠢᠬᠵᠢᠭᠤᠯᠪᠠ᠃

    9 ᠤ ᠦᠳᠡ ᠡᠴᠡ ᠬᠤᠶᠢᠰᠢ᠂ ᠢᠤᠢ᠋ ᠵᠧᠡᠭ ᠱᠧᠡᠭ ᠦᠪᠤᠷ ᠮᠤᠡᠭᠭᠤᠯ ᠤᠨ ᠰᠠᠢ᠋ ᠺᠧ ᠰᠢᠡᠭ ᠭᠡᠷ ᠤᠨ ᠲᠡᠵᠢᠭᠡᠪᠤᠷᠢ᠋ ᠵᠢᠨ ᠦᠢᠯᠡᠰ ᠬᠢᠭᠡᠳ ᠠᠮᠢᠳᠤ ᠪᠤᠳᠠᠰ ᠢ ᠦᠷᠡᠵᠢᠬᠦᠯᠬᠦ ᠰᠢᠨᠵᠢᠯᠡᠬᠦ ᠤᠬᠠᠭᠠᠨ ᠲᠧᠭᠨᠤᠯᠤᠬᠢ ᠶᠢᠨ ᠰᠤᠳᠤᠯᠭᠠᠨ ᠤ ᠬᠦᠷᠢᠶᠠᠯᠠᠡᠭ ᠳᠤ ᠬᠦᠷᠴᠤ᠂ ᠰᠢᠨᠵᠢᠯᠡᠭᠦ ᠤᠬᠠᠭᠠᠨ ᠮᠡᠷᠭᠡᠵᠢᠯ ᠤᠨ ᠠᠵᠦ ᠦᠢᠯᠡᠰ ᠤᠨ ᠬᠦᠭᠵᠢᠯᠳᠠ ᠵᠢᠨ ᠪᠠᠢᠢᠳᠠᠯ ᠢ ᠪᠠᠢᠢᠴᠠᠭᠠᠵᠦ᠂ ᠰᠣᠳᠣᠯᠭᠠᠳᠠᠳ ᠲᠠᠢ ᠲᠤᠳᠤᠨᠤ ᠪᠡᠷ ᠶᠠᠷᠢᠯᠴᠠᠪᠠ᠃ ᠲᠡᠷᠡ᠂ ᠰᠤᠳᠤᠯᠤᠨ ᠨᠡᠭᠡᠭᠡᠬᠦ ᠳ᠋ᠦ ᠪᠡᠯᠡ ᠤᠷᠤᠭᠤᠯᠬᠤ ᠡᠷᠴᠢᠮ᠋ ᠢᠢᠡᠨ ᠴᠢᠡᠭᠭᠠᠷᠠᠭᠤᠯᠤᠨ ᠮᠠᠯ ᠠᠵᠦ ᠠᠬᠤᠢ ᠵᠢᠨ ᠬᠦᠭᠵᠢᠯᠳᠠ ᠳ᠋ᠤ ᠲᠤᠯᠭᠠᠷᠠᠵᠦ ᠪᠠᠢᠢᠭ᠎ᠠ ᠵᠠᠩᠭᠢᠯᠠᠭ᠎ᠠ ᠪᠣᠯᠣᠨ ᠪᠣᠭᠣᠮᠢ ᠪᠤᠯᠵᠦ ᠪᠠᠢᠢᠭ᠎ᠠ ᠠᠰᠠᠭᠤᠳᠠᠯ ᠵᠢᠡᠷ ᠤᠳᠤᠷᠢᠳᠤᠮᠵᠢ ᠪᠤᠯᠭᠠᠬᠤ ᠵᠢ ᠪᠠᠷᠢᠮᠳᠠᠯᠠᠵᠦ᠂ ᠨᠡᠩ ᠣᠯᠠᠨ ᠭᠤᠤᠯᠯᠠᠭᠴᠢ ᠮᠡᠷᠭᠡᠵᠢᠯ ᠢ ᠡᠵᠡᠮᠰᠢᠵᠦ᠂ ᠠᠵᠦ ᠦᠢᠯᠡᠰ ᠤᠨ ᠬᠦᠭᠵᠢᠯᠳᠠ ᠵᠢᠨ ᠲᠠᠭᠠᠭᠤᠯᠤᠬᠴᠢ ᠪᠤᠯᠬᠤ ᠪᠡᠷ ᠴᠢᠷᠮᠠᠢᠢᠬᠤ ᠬᠡᠷᠡᠭᠳᠡᠢ ᠬᠡᠵᠦ ᠵᠢᠭᠠᠵᠦ ᠭᠠᠷᠭᠠᠪᠠ᠃

    ᠮᠸᠡᠭ ᠼᠤᠤ ᠠᠮᠢ ᠠᠬᠤᠢ ᠵᠢᠨ ᠤᠷᠴᠢᠨ ᠲᠤᠭᠤᠷᠢᠨ ᠪ ᠪᠦᠯᠦᠭᠯᠡᠯ ᠺᠤᠮᠫᠠᠨᠢ ᠳᠤ᠂ ᠢᠤᠢ ᠵᠸᠡᠭ ᠱᠸᠡᠭ ᠠᠮᠢ ᠠᠬᠤᠢ ᠵᠢᠨ ᠨᠤᠳᠤᠭ ᠪᠠᠯᠴᠢᠭᠡᠷ ᠤᠨ ᠤᠷᠤᠨ ᠨᠤᠳᠤᠬ ᠤᠨ ᠤᠷᠭᠤᠮᠠᠯ ᠤᠨ ᠤᠷᠳᠤᠨ ᠶᠢᠡᠷ ᠰᠢᠨᠵᠢᠯᠠᠨ ᠪᠠᠢᠢᠴᠠᠭᠠᠵᠤ᠂ ᠠᠮᠢ ᠠᠬᠤᠢ ᠵᠢ ᠰᠡᠷᠭᠦᠭᠡᠬᠦ᠂ ᠡᠪᠡᠰᠦᠨ ᠤ ᠦᠢᠯᠡᠰ ᠤᠨ ᠠᠮᠢ ᠠᠬᠤᠢ ᠵᠢᠨ ᠲᠤᠮᠤ ᠳ᠋ᠠᠢᠢᠲ᠋ᠠ ᠵᠢᠨ ᠲᠠᠪᠴᠠᠡᠭ ᠵᠡᠷᠭᠡ ᠪᠠᠢᠢᠳᠠᠯ ᠢ ᠤᠢᠢᠯᠠᠭᠠᠪᠠ᠃ ᠳᠡᠷᠡ᠂ ᠨᠤᠳᠤᠭ ᠪᠡᠯᠴᠢᠭᠡᠷ ᠤᠨ ᠠᠮᠢ ᠠᠬᠤᠢ ᠵᠢᠨ ᠠᠵᠣ ᠦᠢᠯᠡᠰ ᠤᠨ ᠬᠡᠯᠭᠢᠶ᠎ᠠ ᠪᠦᠷᠢᠯᠳᠤᠬᠦ ᠶᠢ ᠠᠬᠢᠭᠤᠯᠵᠦ᠂ ᠲᠠᠭᠠᠭᠠᠮᠠᠭᠠᠢ ᠮᠦᠷᠳᠡᠭᠡᠨ ᠤᠯᠤᠰ᠂ ᠤᠷᠤᠨ ᠨᠤᠳᠤᠬ ᠤᠨ ᠪᠠᠢᠢᠳᠠᠯ ᠳ᠋ᠦ ᠨᠡᠢᠢᠴᠡᠬᠦ ᠨᠤᠭᠤᠭᠠᠷᠠᠭᠤᠯᠤᠯᠳᠠ ᠶᠢᠨ ᠵᠠᠮ᠋ ᠢ ᠰᠦᠪᠡᠭᠴᠢᠯᠠᠨ᠂ ᠦᠵᠡᠰᠭᠦᠯᠠᠡᠭᠳᠤ ᠰᠠᠢᠢᠬᠠᠨ ᠦᠪᠤᠷ ᠮᠤᠡᠭᠭᠤᠯ᠂ ᠦᠵᠡᠰᠭᠦᠯᠠᠡᠭᠳᠤ ᠰᠠᠢᠢᠬᠠᠨ ᠲᠤᠮᠳᠠᠳᠤ ᠤᠯᠤᠰ ᠢ ᠪᠦᠲᠦᠭᠡᠨ ᠪᠠᠢᠢᠭᠤᠯᠬᠤ ᠳᠤ ᠨᠡᠡᠭ ᠶᠡᠭᠡ ᠬᠤᠪᠢ ᠨᠡᠮᠡᠷᠢ ᠦᠵᠡᠬᠦᠯᠬᠦ ᠬᠡᠷᠡᠭᠳᠡᠢ ᠭᠡᠪᠠ᠃

    ᠵᠠᠯᠭᠠᠭᠠᠳ᠂ ᠢᠤᠢ ᠵᠸᠡᠭ ᠱᠸᠡᠭ ᠲᠦᠪ ᠤᠨ ᠲᠦᠯᠦᠭᠡᠯᠡᠬᠦ ᠪᠠᠭ ᠤᠨ ᠨᠢᠭᠡᠲᠦᠭᠡᠷ ᠰᠠᠯᠪᠤᠷᠢ ᠪᠠᠭ ᠢᠶᠡᠨ ᠲᠠᠭᠠᠭᠤᠯᠣᠨ ᠬᠦᠬᠡᠬᠤᠳᠠ ᠡᠴᠡ ᠰᠠᠯᠵᠣ ᠪᠤᠭᠤᠳᠤ ᠳᠤ ᠬᠦᠷᠴᠤ᠂ ᠰᠠᠢᠢᠬᠠᠨᠳᠠᠯ᠎ᠠ ᠬᠤᠳᠠ ᠵᠢᠨ ᠲᠤᠮᠳᠠᠬᠢ《ᠲᠠᠯ᠎ᠠ ᠨᠤᠳᠤᠭ》 ᠲᠠᠢ ᠲᠠᠨᠢᠯᠴᠠᠪᠠ᠃

    ᠲᠦᠪ ᠤᠨ ᠲᠦᠯᠦᠭᠡᠯᠬᠦ ᠪᠠᠭ ᠤᠨ ᠲᠡᠳ᠋ ᠲᠠᠷᠤᠭ᠎ᠠ ᠸᠠᠡᠭ ᠵᠸᠡᠭ ᠸᠸᠢ᠂ ᠵᠠᠡᠭ ᠶᠠᠡᠭ ᠪᠣᠯᠣᠨ ᠲᠦᠪ ᠤᠨ ᠲᠦᠯᠦᠭᠡᠯᠡᠬᠦ ᠪᠠᠭ ᠤᠨ ᠵᠠᠷᠢᠮ ᠬᠡᠰᠢᠬᠦᠨ ᠲᠤᠰ ᠠᠵᠢᠯᠯᠠᠭ᠎ᠠ ᠳ᠋ᠤ ᠤᠷᠤᠯᠴᠠᠪᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120691121459848